ᠡᠽᠧᠺᠢᠶᠧᠯ ᠬᠣᠷᠢᠨ ᠳᠣᠯᠣᠭ᠎ᠠ
ᠲᠢᠷ ᠤᠨ ᠲᠤᠬᠠᠢ ᠭᠠᠰᠢᠭᠤᠳᠠᠯ
1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠲᠢᠷ ᠤᠨ ᠲᠤᠬᠠᠢ ᠭᠠᠰᠢᠭᠤᠳᠠᠯ ᠤᠨ ᠳᠠᠭᠤᠤ ᠵᠣᠬᠢᠶᠠᠵᠤ᠂ 3 ᠳᠠᠯᠠᠢ ᠶᠢᠨ ᠠᠮᠠᠨ ᠳᠤ ᠣᠷᠣᠰᠢᠵᠤ᠂ ᠡᠷᠭᠢ ᠶᠢᠨ ᠣᠯᠠᠨ ᠦᠨᠳᠦᠰᠦᠲᠡᠨ ᠦ ᠠᠷᠠᠯᠵᠢᠶᠠᠨ ᠤ ᠲᠥᠪ ᠪᠣᠯᠣᠭᠰᠠᠨ ᠲᠢᠷ ᠲᠤ ᠶᠠᠷᠢ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠥᠪᠡᠷ ᠢ ᠪᠠᠨ ᠲᠡᠭᠦᠰ ᠦᠵᠡᠰᠬᠦᠯᠡᠩ ᠲᠡᠢ ᠭᠡᠵᠡᠢ᠂ ᠲᠢᠷ ᠴᠢ︕
4 ᠴᠢᠨᠦ ᠬᠢᠯᠢ ᠬᠢᠵᠠᠭᠠᠷ ᠲᠠᠩᠭᠢᠰ ᠤᠨ ᠵᠢᠷᠦᠬᠡᠨ ᠳᠦ ᠪᠤᠢ ᠴᠢᠮᠠᠶᠢ ᠪᠠᠢᠭᠤᠯᠤᠭᠴᠢᠳ ᠦᠵᠡᠰᠬᠦᠯᠡᠩ ᠢ ᠴᠢᠨᠢ ᠲᠡᠭᠦᠯᠳᠡᠷᠵᠢᠭᠦᠯᠪᠡ᠃
5 ᠰᠧᠨᠢᠷ ᠤᠨ ᠨᠠᠷᠠᠰᠤᠨ ᠮᠣᠳᠣ ᠪᠠᠷ ᠲᠡᠳᠡ ᠬᠠᠮᠤᠭ ᠪᠠᠩ᠋ᠵᠠ ᠶᠢ ᠴᠢᠨᠢ ᠬᠢᠵᠦ ᠱᠤᠷᠠᠭ ᠬᠢᠬᠦ ᠪᠡᠷ ᠯᠧᠪᠠᠨᠣᠨ ᠤ ᠬᠤᠱᠢ ᠮᠣᠳᠣ ᠶᠢ ᠠᠪᠴᠢᠷᠠᠪᠠ᠃
6 ᠰᠡᠯᠢᠭᠦᠷ ᠤᠳ ᠢ ᠴᠢᠨᠢ ᠲᠡᠳᠡ ᠪᠠᠱᠠᠨ ᠤ ᠴᠠᠷᠠᠰᠤᠨ ᠮᠣᠳᠣ ᠪᠠᠷ ᠬᠢᠵᠦ ᠲᠠᠪᠴᠠᠩ ᠢ ᠴᠢᠨᠢ ᠰᠠᠢᠫᠷᠦ᠋ᠰ ᠤᠨ ᠡᠷᠭᠢ ᠶᠢᠨ ᠨᠠᠷᠠᠰᠤᠨ ᠮᠣᠳᠣ ᠪᠠᠷ ᠬᠢᠵᠦ᠂ ᠵᠠᠭᠠᠨ ᠤ ᠰᠣᠶᠣᠭ᠎ᠠ ᠰᠢᠭᠢᠳᠬᠡᠵᠡᠢ᠃
7 ᠶᠧᠵᠢᠫᠲ ᠤᠨ ᠨᠡᠬᠡᠮᠡᠯ ᠮᠠᠭᠠᠯᠢᠩ᠋ᠭᠤ ᠪᠠᠷ ᠳᠠᠷᠪᠠᠭᠤᠯ ᠬᠢᠵᠦ ᠴᠢᠨᠦ ᠲᠤᠭ ᠪᠣᠯᠭᠠᠵᠤ ᠡᠯᠢᠱᠠ ᠶᠢᠨ ᠡᠷᠭᠢ ᠡᠴᠡ ᠠᠪᠤᠭᠰᠠᠨ ᠬᠥᠬᠡ᠂ ᠨᠢᠯ ᠶᠠᠭᠠᠨ ᠪᠥᠰ ᠢᠶᠡᠷ ᠰᠡᠭᠦᠳᠡᠷᠡᠪᠴᠢ ᠶᠢ ᠴᠢᠨᠢ ᠬᠢᠪᠡ᠃
8 ᠰᠢᠢᠳᠣᠨ᠂ ᠠᠷᠸᠠᠳ᠋ ᠤᠨ ᠰᠠᠭᠤᠭᠠᠯᠢᠴᠢᠳ ᠴᠢᠨᠦ ᠰᠡᠯᠢᠭᠦᠷᠴᠢᠳ ᠪᠣᠯᠪᠠ ᠲᠢᠷ ᠡ᠂ ᠴᠢᠨᠦ ᠳᠣᠲᠣᠷ᠎ᠠ ᠮᠡᠷᠭᠡᠵᠢᠯᠲᠡᠳ ᠵᠠᠯᠠᠭᠤᠷᠴᠢᠨ ᠪᠣᠯᠪᠠ᠃
9 ᠭᠧᠪᠠᠯ ᠤᠨ ᠠᠬᠠᠮᠠᠳ ᠤᠳ ᠪᠠ ᠮᠡᠷᠭᠡᠵᠢᠯᠲᠡᠳ ᠴᠢᠨᠦ ᠳᠣᠲᠣᠷ᠎ᠠ ᠪᠠᠢᠵᠤ᠂ ᠣᠩ᠋ᠭᠣᠴᠠᠨ ᠤ ᠴᠢᠨᠢ ᠵᠠᠪᠰᠠᠷ ᠢ ᠪᠥᠭᠯᠡᠵᠦ ᠪᠠᠢᠪᠠ᠃ ᠳᠠᠯᠠᠢ ᠶᠢᠨ ᠬᠠᠮᠤᠭ ᠣᠩ᠋ᠭᠣᠴᠠ ᠪᠠ ᠳᠠᠯᠠᠢᠴᠢᠳ ᠨᠢ ᠴᠢᠨᠦ ᠳᠣᠲᠣᠷ᠎ᠠ ᠪᠠᠢᠵᠤ᠂ ᠴᠢᠮ᠎ᠠ ᠲᠠᠢ ᠬᠤᠳᠠᠯᠳᠤᠭ᠎ᠠ ᠬᠢᠵᠦ ᠪᠠᠢᠪᠠ᠃
10 ᠫᠧᠷᠰ᠂ ᠯᠦᠳ᠋ ᠪᠠ ᠫᠦᠲ᠋ᠴᠤᠳ ᠴᠡᠷᠢᠭ ᠤᠨ ᠴᠢᠨᠢ ᠳᠠᠢᠴᠢᠳ ᠪᠣᠯᠪᠠ᠃ ᠲᠡᠳᠡ ᠪᠠᠮᠪᠠᠢ᠂ ᠳᠤᠭᠤᠯᠠᠭ᠎ᠠ ᠪᠠᠨ ᠬᠠᠨᠠᠨ ᠳᠤ ᠴᠢᠨᠢ ᠡᠯᠭᠦᠵᠦ᠂ ᠰᠦᠷ ᠢ ᠴᠢᠨᠢ ᠨᠡᠮᠡᠪᠡ᠃
11 ᠡᠷᠭᠢᠨ ᠲᠣᠭᠣᠷᠢᠨ ᠤ ᠴᠢᠨᠢ ᠬᠡᠷᠡᠮ ᠳᠡᠭᠡᠷ᠎ᠡ ᠴᠢᠨᠦ ᠴᠡᠷᠢᠭ ᠪᠣᠯᠣᠨ ᠠᠷᠸᠠᠳ᠋ᠴᠤᠳ ᠪᠠᠢᠵᠤ᠂ ᠴᠠᠮᠬᠠᠭ ᠲᠤ ᠴᠢᠨᠢ ᠭᠠᠮᠠᠳ᠋ᠴᠤᠳ ᠪᠠᠢᠪᠠ᠃ ᠲᠡᠳᠡ ᠡᠷᠭᠢᠨ ᠲᠣᠭᠣᠷᠢᠨ ᠤ ᠴᠢᠨᠢ ᠬᠡᠷᠡᠮ ᠳᠡᠭᠡᠷ᠎ᠡ ᠪᠠᠮᠪᠠᠢ ᠨᠤᠭᠤᠳ ᠢᠶᠠᠨ ᠡᠯᠭᠦᠵᠦ᠂ ᠦᠵᠡᠰᠬᠦᠯᠡᠩ ᠢ ᠴᠢᠨᠢ ᠲᠡᠭᠦᠯᠳᠡᠷᠵᠢᠭᠦᠯᠪᠡ᠃
12 ᠴᠢ ᠡᠯᠪᠡᠭ ᠳᠡᠯᠪᠡᠭ ᠲᠥᠷᠥᠯ ᠪᠦᠷᠢ ᠶᠢᠨ ᠡᠳ᠋ ᠪᠠᠶᠠᠯᠢᠭ ᠲᠠᠢ ᠤᠴᠢᠷ ᠠᠴᠠ ᠲᠠᠷᠱᠢᠱ ᠴᠢᠮ᠎ᠠ ᠲᠠᠢ ᠬᠤᠳᠠᠯᠳᠤᠭ᠎ᠠ ᠬᠢᠵᠦ ᠪᠠᠢᠪᠠ᠃ ᠲᠡᠳᠡ ᠴᠢᠨᠦ ᠪᠠᠷᠠᠭ᠎ᠠ ᠶᠢ ᠮᠥᠩᠭᠥ᠂ ᠲᠡᠮᠦᠷ᠂ ᠴᠠᠭᠠᠨ ᠲᠤᠭᠤᠯᠭ᠎ᠠ᠂ ᠬᠠᠷ᠎ᠠ ᠲᠤᠭᠤᠯᠭ᠎ᠠ ᠪᠠᠷ ᠰᠣᠯᠢᠳᠠᠭ ᠪᠠᠢᠪᠠ᠃ 13 ᠶᠠᠪᠠᠨ᠂ ᠲᠦᠪᠠᠯ᠂ ᠮᠧᠱᠧᠺ ᠨᠠᠷ ᠴᠤ ᠴᠢᠮ᠎ᠠ ᠲᠠᠢ ᠠᠷᠠᠯᠵᠢᠶ᠎ᠠ ᠬᠢᠵᠦ ᠪᠠᠢᠭᠰᠠᠨ᠃ ᠲᠡᠳᠡ ᠴᠢᠨᠦ ᠡᠳ᠋ ᠪᠠᠷᠠᠭ᠎ᠠ ᠶᠢ ᠪᠣᠭᠣᠯ 14 ᠪᠣᠯᠣᠨ ᠬᠦᠷᠡᠯ ᠬᠡᠷᠡᠭᠰᠡᠯ ᠢᠶᠡᠷ ᠰᠣᠯᠢᠵᠤ ᠪᠠᠢᠪᠠ᠃ 14 ᠪᠧᠲ ᠲᠣᠭᠠᠷᠮᠠ ᠶᠢᠨ ᠬᠢᠨ ᠡᠳ᠋ ᠪᠠᠷᠠᠭ᠎ᠠ ᠶᠢ ᠴᠢᠨᠢ ᠮᠣᠷᠢ᠂ ᠳᠠᠢᠨ ᠤ ᠮᠣᠷᠢ᠂ ᠡᠯᠵᠢᠭᠡ ᠪᠡᠷ ᠰᠣᠯᠢᠵᠤ ᠪᠠᠢᠪᠠ᠃ 15 ᠳ᠋ᠧᠳᠠᠨ ᠤ ᠬᠢᠨ ᠴᠢᠮ᠎ᠠ ᠲᠠᠢ ᠠᠷᠠᠯᠵᠢᠶ᠎ᠠ ᠬᠢᠵᠦ ᠪᠠᠢᠭᠰᠠᠨ᠂ ᠣᠯᠠᠨ ᠠᠷᠠᠯ ᠤᠨ ᠬᠢᠨ ᠴᠤ ᠴᠢᠨᠦ ᠬᠤᠳᠠᠯᠳᠤᠨ ᠠᠪᠤᠭᠴᠢ ᠪᠠᠢᠭᠰᠠᠨ᠃ ᠲᠡᠳᠡ ᠵᠠᠭᠠᠨ ᠤ ᠶᠠᠰᠤ᠂ ᠬᠠᠷ᠎ᠠ ᠮᠣᠳᠣ ᠶᠢ ᠲᠥᠯᠥᠪᠥᠷᠢ ᠪᠣᠯᠭᠠᠨ ᠴᠢᠮ᠎ᠠ ᠳᠤ ᠠᠪᠴᠢᠷᠠᠳᠠᠭ ᠪᠠᠢᠪᠠ᠃ 16 ᠴᠢ ᠡᠯᠪᠡᠭ ᠪᠠᠷᠠᠭ᠎ᠠ ᠲᠠᠢ ᠤᠴᠢᠷ ᠠᠴᠠ ᠠᠷᠠᠮ ᠴᠢᠮ᠎ᠠ ᠲᠠᠢ ᠬᠤᠳᠠᠯᠳᠤᠭ᠎ᠠ ᠬᠢᠵᠦ ᠪᠠᠢᠪᠠ᠃ ᠲᠡᠳᠡ ᠪᠠᠷᠠᠭ᠎ᠠ ᠶᠢ ᠴᠢᠨᠢ ᠣᠭ᠍ᠶᠤ᠂ ᠨᠢᠯ ᠶᠠᠭᠠᠨ ᠥᠩᠭᠡ ᠶᠢᠨ ᠪᠥᠰ᠂ ᠬᠠᠳᠬᠤᠮᠠᠯ᠂ ᠨᠠᠷᠢᠨ ᠮᠠᠭᠠᠯᠢᠩ᠋ᠭᠤ᠂ ᠱᠢᠷᠦ᠂ ᠪᠠᠳᠮᠠᠷᠠᠭ᠎ᠠ ᠪᠠᠷ ᠰᠣᠯᠢᠳᠠᠭ ᠪᠠᠢᠪᠠ᠃ 17 ᠶᠦᠳᠠ ᠪᠠ ᠢᠰᠷᠧᠯ ᠴᠢᠮ᠎ᠠ ᠲᠠᠢ ᠠᠷᠠᠯᠵᠢᠶ᠎ᠠ ᠬᠢᠵᠦ ᠪᠠᠢᠭᠰᠠᠨ᠃ ᠲᠡᠳᠡ ᠴᠢᠨᠦ ᠪᠠᠷᠠᠭ᠎ᠠ ᠶᠢ ᠮᠢᠨᠢᠲ ᠤᠨ ᠪᠤᠭᠤᠳᠠᠢ᠂ ᠪᠣᠣᠪᠣ᠂ ᠵᠥᠭᠡᠢ ᠶᠢᠨ ᠪᠠᠯ᠂ ᠲᠣᠰᠣ ᠪᠣᠯᠣᠨ ᠭᠠᠪᠤᠷ ᠢᠶᠠᠷ ᠰᠣᠯᠢᠵᠤ ᠪᠠᠢᠪᠠ᠃ 18 ᠴᠢ ᠣᠯᠠᠨ ᠪᠠᠷᠠᠭ᠎ᠠ ᠲᠠᠢ᠂ ᠡᠯᠪᠡᠭ ᠳᠡᠯᠪᠡᠭ ᠲᠥᠷᠥᠯ ᠪᠦᠷᠢ ᠶᠢᠨ ᠡᠳ᠋ ᠪᠠᠶᠠᠯᠢᠭ ᠲᠠᠢ ᠤᠴᠢᠷ ᠠᠴᠠ ᠳ᠋ᠠᠮᠠᠰᠺᠦ᠋ᠰ ᠤᠨ ᠬᠢᠨ ᠾᠧᠯᠪᠣᠨ ᠤ ᠳᠠᠷᠠᠰᠤ᠂ ᠽᠠᠬᠠᠷ ᠤᠨ ᠨᠣᠣᠰᠣ ᠪᠠᠷ ᠴᠢᠮ᠎ᠠ ᠲᠠᠢ ᠬᠤᠳᠠᠯᠳᠤᠭ᠎ᠠ ᠬᠢᠵᠦ ᠪᠠᠢᠪᠠ᠃ 19 ᠳ᠋ᠠᠨᠴᠤᠳ ᠪᠠ ᠦᠽᠠᠯ ᠤᠨ ᠭᠷᠧᠭᠴᠦᠳ ᠴᠤ ᠴᠢᠨᠦ ᠡᠳ᠋ ᠪᠠᠷᠠᠭ᠎ᠠ ᠶᠢ ᠬᠤᠳᠠᠯᠳᠤᠨ ᠠᠪᠴᠤ ᠪᠠᠢᠭᠰᠠᠨ᠃ ᠲᠡᠳᠡ ᠴᠢᠨᠦ ᠪᠠᠷᠠᠭ᠎ᠠ ᠶᠢ ᠰᠢᠷᠡᠮᠦ᠂ ᠭᠠᠪᠢᠷ᠎ᠠ ᠪᠣᠯᠣᠨ ᠨᠢᠰᠢᠩᠭᠦ ᠪᠡᠷ ᠰᠣᠯᠢᠵᠤ ᠪᠠᠢᠪᠠ᠃ 20 ᠳ᠋ᠧᠳᠠᠨ ᠡᠮᠡᠭᠡᠯ ᠦᠨ ᠲᠣᠬᠣᠮ ᠢᠶᠠᠷ ᠴᠢᠮ᠎ᠠ ᠲᠠᠢ ᠬᠤᠳᠠᠯᠳᠤᠭ᠎ᠠ ᠬᠢᠵᠦ ᠪᠠᠢᠪᠠ᠃ 21 ᠠᠷᠠᠪ ᠪᠠ ᠺᠧᠳᠠᠷ ᠤᠨ ᠬᠠᠮᠤᠭ ᠨᠣᠶᠠᠨ ᠴᠤ ᠴᠢᠨᠦ ᠬᠤᠳᠠᠯᠳᠤᠨ ᠠᠪᠤᠭᠴᠢ ᠪᠣᠯᠵᠤ᠂ ᠴᠢᠮ᠎ᠠ ᠲᠠᠢ ᠬᠤᠷᠠᠭ᠎ᠠ᠂ ᠬᠤᠴᠠ ᠪᠣᠯᠣᠨ ᠢᠮᠠᠭ᠎ᠠ ᠪᠠᠷ ᠬᠤᠳᠠᠯᠳᠤᠭ᠎ᠠ ᠬᠢᠵᠦ ᠪᠠᠢᠯ᠎ᠠ᠃ 22 ᠱᠧᠪᠠ ᠪᠠ ᠷᠠᠮᠠ ᠶᠢᠨ ᠬᠤᠳᠠᠯᠳᠤᠭᠠᠴᠢᠳ ᠴᠢᠮ᠎ᠠ ᠲᠠᠢ ᠠᠷᠠᠯᠵᠢᠶ᠎ᠠ ᠬᠢᠵᠦ ᠪᠠᠢᠭᠰᠠᠨ᠃ ᠲᠡᠳᠡ ᠴᠢᠨᠦ ᠪᠠᠷᠠᠭ᠎ᠠ ᠶᠢ ᠪᠦᠬᠦ ᠲᠥᠷᠥᠯ ᠦᠨ ᠦᠨᠦᠷᠲᠡᠨ ᠦ ᠳᠡᠭᠡᠳᠦ ᠪᠡᠷ᠂ ᠪᠦᠬᠦ ᠲᠥᠷᠥᠯ ᠦᠨ ᠡᠷᠳᠡᠨᠢ ᠶᠢᠨ ᠴᠢᠯᠠᠭᠤ ᠪᠠ ᠠᠯᠲᠠ ᠪᠠᠷ ᠰᠣᠯᠢᠵᠤ ᠪᠠᠢᠭᠰᠠᠨ᠃ 23 ᠾᠠᠷᠠᠨ᠂ ᠺᠠᠨᠧ᠂ ᠡᠳᠧᠨ᠂ ᠱᠧᠪᠠ ᠶᠢᠨ ᠬᠤᠳᠠᠯᠳᠤᠭᠠᠴᠢᠳ᠂ ᠠᠱᠦ᠋ᠷ ᠪᠠ ᠺᠢᠯᠮᠠᠳ᠋ ᠲᠤ ᠴᠤ ᠴᠢᠮ᠎ᠠ ᠲᠠᠢ ᠠᠷᠠᠯᠵᠢᠶ᠎ᠠ ᠬᠢᠵᠦ ᠪᠠᠢᠪᠠ᠃ 24 ᠲᠡᠳᠡ ᠭᠣᠶᠣ ᠡᠳ᠋ ᠪᠠᠷᠠᠭ᠎ᠠ᠂ ᠲᠤᠬᠠᠢᠯᠠᠪᠠᠯ ᠬᠥᠬᠡ ᠥᠩᠭᠡ ᠶᠢᠨ ᠬᠤᠪᠴᠠᠰᠤ᠂ ᠤᠷᠠᠨ ᠬᠠᠳᠬᠤᠮᠠᠯ᠂ ᠡᠷᠢᠶᠡᠨ ᠬᠡᠪᠢᠰ᠂ ᠴᠢᠩᠭ᠍᠎ᠠ ᠲᠠᠮᠤᠭᠰᠠᠨ ᠣᠯᠣᠰᠣ ᠪᠠᠷ ᠴᠢᠨᠦ ᠵᠠᠬ᠎ᠠ ᠵᠡᠭᠡᠯᠢ ᠳᠤ ᠠᠷᠠᠯᠵᠢᠶ᠎ᠠ ᠬᠢᠵᠦ ᠪᠠᠢᠪᠠ᠃ 25 ᠲᠠᠷᠱᠢᠱ ᠤᠨ ᠣᠩ᠋ᠭᠣᠴᠠ ᠨᠤᠭᠤᠳ ᠴᠢᠨᠦ ᠪᠠᠷᠠᠭ᠎ᠠ ᠶᠢ ᠵᠥᠭᠡᠭᠡᠵᠦ ᠪᠠᠢᠪᠠ ᠳᠠᠯᠠᠢ ᠶᠢᠨ ᠵᠢᠷᠦᠬᠡ ᠴᠢᠨᠦ ᠬᠦᠨᠳᠦ ᠠᠴᠢᠶ᠎ᠠ ᠪᠠᠷ ᠳᠦᠭᠦᠷᠪᠡ᠃
26 ᠳᠠᠯᠠᠢ ᠶᠢᠨ ᠭᠦᠨ ᠳᠦ ᠰᠡᠯᠢᠭᠦᠷᠴᠢᠳ ᠴᠢᠮᠠᠶᠢ ᠬᠦᠷᠭᠡᠬᠦ ᠳᠦ ᠳᠣᠷᠣᠨ᠎ᠠ ᠶᠢᠨ ᠰᠠᠯᠬᠢ ᠴᠢᠮᠠᠶᠢ ᠳᠠᠯᠠᠢ ᠶᠢᠨ ᠵᠢᠷᠦᠬᠡᠨ ᠳᠦ ᠴᠣᠬᠢᠵᠤ ᠡᠪᠳᠡᠪᠡ᠃
27 ᠴᠢᠨᠦ ᠰᠦᠢᠷᠡᠯ ᠦᠨ ᠡᠳᠦᠷ ᠲᠦ ᠴᠢᠨᠦ ᠪᠠᠶᠠᠯᠢᠭ᠂ ᠴᠢᠨᠦ ᠡᠳ᠋ ᠪᠠᠷᠠᠭ᠎ᠠ ᠴᠢᠨᠦ ᠳᠠᠯᠠᠢᠴᠢᠳ᠂ ᠴᠢᠨᠦ ᠵᠠᠯᠠᠭᠤᠷᠴᠢᠳ᠂ ᠴᠢᠨᠦ ᠣᠩ᠋ᠭᠣᠴᠠᠨ ᠤ ᠵᠠᠪᠰᠠᠷ ᠢ ᠪᠥᠭᠯᠡᠭᠴᠢᠳ ᠴᠢᠨᠦ ᠬᠤᠳᠠᠯᠳᠤᠭᠠᠴᠢᠳ᠂ ᠴᠢᠨᠦ ᠳᠣᠲᠣᠷᠠᠬᠢ ᠪᠦᠬᠦ ᠳᠠᠢᠴᠢᠨ᠂ ᠴᠢᠨᠦ ᠳᠤᠮᠳᠠᠬᠢ ᠪᠦᠬᠦᠨ ᠳᠠᠯᠠᠢ ᠶᠢᠨ ᠵᠢᠷᠦᠬᠡᠨ ᠳᠦ ᠵᠢᠪᠬᠦ ᠪᠣᠯᠣᠨ᠎ᠠ᠃
28 ᠵᠠᠯᠠᠭᠤᠷᠴᠢᠳ ᠤᠨ ᠴᠢᠨᠢ ᠬᠠᠰᠬᠢᠷᠬᠤ ᠳᠠᠭᠤᠨ ᠳᠤ ᠡᠷᠭᠢ ᠶᠢᠨ ᠪᠡᠯᠴᠢᠭᠡᠷ ᠳᠣᠷᠭᠢᠨ᠎ᠠ᠃
29 ᠪᠦᠬᠦ ᠰᠡᠯᠢᠭᠦᠷᠴᠢᠨ ᠣᠩ᠋ᠭᠣᠴᠠ ᠪᠠᠨ ᠬᠠᠶᠠᠨ᠎ᠠ᠂ ᠪᠦᠬᠦ ᠳᠠᠯᠠᠢᠴᠢᠨ ᠪᠠ ᠵᠠᠯᠠᠭᠤᠷᠴᠢᠨ ᠡᠷᠭᠢ ᠳᠡᠭᠡᠷ᠎ᠡ ᠵᠣᠭᠰᠣᠨ᠎ᠠ᠃
30 ᠲᠡᠳᠡ ᠴᠢᠨᠦ ᠲᠥᠯᠥᠭᠡ ᠳᠠᠭᠤ ᠪᠠᠨ ᠥᠨᠳᠥᠷᠰᠡᠭᠡᠨ ᠭᠠᠰᠢᠭᠤᠳᠠᠨ ᠤᠬᠢᠯᠠᠨ᠎ᠠ ᠲᠣᠯᠣᠭᠠᠢ ᠳᠠᠭᠠᠨ ᠰᠢᠷᠣᠢ ᠰᠠᠴᠤᠨ᠂ ᠦᠨᠡᠰᠦᠨ ᠳᠡᠭᠡᠷ᠎ᠡ ᠥᠩᠬᠥᠷᠢᠨᠠ᠃
31 ᠴᠢᠨᠦ ᠲᠥᠯᠥᠭᠡ ᠲᠡᠳᠡ ᠦᠰᠦ ᠪᠡᠨ ᠬᠤᠰᠤᠵᠤ᠂ ᠲᠠᠭᠠᠷ ᠨᠥᠮᠥᠷᠥᠨ ᠴᠢᠨᠦ ᠲᠥᠯᠥᠭᠡ ᠭᠠᠰᠢᠭᠤᠳᠠᠨ ᠰᠢᠨᠠᠯᠤᠭᠰᠠᠨ ᠰᠡᠳᠬᠢᠯ ᠢᠶᠠᠷ ᠤᠬᠢᠯᠠᠨ᠎ᠠ᠃〉
32 ᠴᠢᠨᠦ ᠲᠥᠯᠥᠭᠡ ᠲᠡᠳᠡ ᠭᠠᠰᠢᠭᠤᠳᠠᠨ ᠤᠬᠢᠯᠠᠵᠤ᠂ ᠴᠢᠨᠦ ᠲᠤᠬᠠᠢ ᠭᠠᠰᠢᠭᠤᠳᠠᠯ ᠤᠨ ᠳᠠᠭᠤᠤ ᠳᠡᠪᠰᠢᠭᠦᠯᠦᠨ᠄ 〈ᠲᠠᠩᠭᠢᠰ ᠤᠨ ᠳᠤᠮᠳᠠ ᠬᠡᠨ ᠲᠢᠷ ᠮᠡᠲᠦ ᠰᠦᠢᠷᠡᠪᠡ︖
33 ᠡᠳ᠋ ᠪᠠᠷᠠᠭ᠎ᠠ ᠪᠠᠨ ᠴᠢ ᠳᠠᠯᠠᠢ ᠤᠷᠤᠭᠤ ᠭᠠᠷᠭᠠᠵᠤ᠂ ᠣᠯᠠᠨ ᠦᠨᠳᠦᠰᠦᠲᠡᠨ ᠢ ᠴᠠᠳᠬᠠᠵᠤ ᠪᠠᠢᠭᠰᠠᠨ ᠡᠯᠪᠡᠭ ᠳᠡᠯᠪᠡᠭ ᠡᠳ᠋ ᠪᠠᠶᠠᠯᠢᠭ ᠢᠶᠠᠷ ᠢᠶᠠᠨ ᠴᠢ ᠶᠢᠷᠲᠢᠨᠴᠦ ᠶᠢᠨ ᠬᠠᠭᠠᠳ ᠢ ᠪᠠᠶᠠᠵᠢᠭᠤᠯᠵᠤ ᠪᠠᠢᠭᠰᠠᠨ᠃
34 ᠡᠳᠦᠭᠡ ᠴᠢ ᠲᠠᠩᠭᠢᠰ ᠤᠨ ᠭᠦᠨ ᠳᠦ ᠰᠦᠢᠷᠡᠬᠦ ᠳᠦ ᠡᠳ᠋ ᠪᠠᠷᠠᠭ᠎ᠠ ᠪᠣᠯᠣᠨ ᠬᠠᠮᠲᠤ ᠪᠠᠢᠭᠰᠠᠳ ᠴᠢᠨᠢ ᠪᠦᠭᠦᠳᠡ ᠴᠢᠮ᠎ᠠ ᠲᠠᠢ ᠬᠠᠮᠲᠤ ᠵᠢᠪᠪᠦᠪᠡ᠃
35 ᠡᠷᠭᠢ ᠶᠢᠨ ᠰᠠᠭᠤᠭᠠᠯᠢᠴᠢᠳ ᠪᠦᠭᠦᠳᠡ ᠴᠢᠮᠠᠶᠢ ᠬᠠᠷᠠᠨ ᠰᠣᠴᠢᠨ᠎ᠠ ᠶᠡᠬᠡᠳᠡ ᠠᠶᠤᠭᠰᠠᠨ ᠬᠠᠭᠠᠳ ᠨᠢᠭᠤᠷ ᠢᠶᠠᠨ ᠦᠷᠴᠢᠢᠯᠭᠡᠨᠡ᠃
36 ᠦᠨᠳᠦᠰᠦᠲᠡᠨ ᠨᠦᠭᠦᠳ ᠦᠨ ᠳᠤᠮᠳᠠᠬᠢ ᠬᠤᠳᠠᠯᠳᠤᠭᠠᠴᠢᠳ ᠴᠢᠮ᠎ᠠ ᠤᠷᠤᠭᠤ ᠢᠰᠭᠡᠷᠦᠨ᠎ᠡ ᠴᠢ ᠠᠶᠤᠮᠰᠢᠭ ᠲᠠᠢ ᠪᠠᠷ ᠡᠴᠦᠰᠯᠡᠵᠦ᠂ ᠡᠭᠦᠷᠢᠳᠡ ᠠᠯᠠᠭ᠎ᠠ ᠪᠣᠯᠣᠨ᠎ᠠ〉》 ᠭᠡᠪᠡ᠃