ᠡᠽᠧᠺᠢᠶᠧᠯ ᠠᠷᠪᠠᠨ ᠵᠢᠷᠭᠤᠭ᠎ᠠ
ᠶᠧᠷᠦ᠋ᠰᠠᠯᠧᠮ ᠤᠨ ᠲᠠᠩ᠋ᠬᠠᠢᠷᠠᠯ
1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠶᠧᠷᠦ᠋ᠰᠠᠯᠧᠮ ᠳᠤ ᠥᠪᠡᠷ ᠦᠨ ᠬᠢᠨᠢ ᠵᠢᠭᠰᠢᠭᠦᠷᠢᠲᠦ ᠶᠠᠪᠤᠳᠠᠯ ᠢ ᠮᠡᠳᠡᠭᠦᠯᠦᠨ᠂ 3 ᠢᠩᠭᠢᠵᠦ ᠶᠠᠷᠢ᠄ 〈ᠡᠵᠡᠨ ᠶᠣᠬᠣᠸᠠ ᠶᠧᠷᠦ᠋ᠰᠠᠯᠧᠮ ᠤᠨ ᠬᠢᠨ ᠳᠤ ᠡᠢᠨ ᠬᠦ ᠠᠢᠯᠠᠳᠴᠤ ᠪᠠᠢᠨ᠎ᠠ᠂ ᠡᠭᠦᠰᠴᠦ ᠲᠥᠷᠥᠭᠰᠡᠨ ᠭᠠᠵᠠᠷ ᠴᠢᠨᠢ ᠺᠠᠨᠠᠨ᠂ ᠡᠴᠢᠭᠡ ᠴᠢᠨᠢ ᠠᠮᠣᠷᠢ ᠬᠥᠮᠦᠨ᠂ ᠡᠬᠡ ᠴᠢᠨᠢ ᠾᠢᠲ ᠬᠥᠮᠦᠨ ᠪᠠᠢᠭᠰᠠᠨ᠃ 4 ᠴᠢᠨᠦ ᠲᠥᠷᠥᠭᠰᠡᠨ ᠡᠳᠦᠷ ᠬᠡᠨ ᠴᠤ ᠬᠦᠢᠰᠦ ᠶᠢ ᠴᠢᠨᠢ ᠲᠠᠰᠤᠯᠤᠭᠠ ᠦᠭᠡᠢ᠂ ᠤᠰᠤ ᠪᠠᠷ ᠤᠬᠢᠶᠠᠨ ᠴᠡᠪᠡᠷᠯᠡᠭᠡ ᠦᠭᠡᠢ᠂ ᠳᠠᠪᠤᠰᠤ ᠥᠷᠥᠭᠡ ᠦᠭᠡᠢ᠂ ᠪᠥᠰ ᠢᠶᠡᠷ ᠤᠷᠢᠶᠠᠭᠠ ᠦᠭᠡᠢ᠃ 5 ᠴᠢᠮᠠᠶᠢ ᠡᠨᠡᠷᠢᠨ ᠬᠠᠷᠠᠵᠤ᠂ ᠡᠳᠡᠭᠡᠷ ᠦᠨ ᠠᠯᠢ ᠨᠢᠭᠡ ᠶᠢ ᠦᠢᠯᠡᠳᠬᠦ ᠪᠡᠷ ᠴᠢᠮᠠᠶᠢ ᠥᠷᠥ ᠡᠪᠡᠳᠬᠦ ᠬᠥᠮᠦᠨ ᠦᠭᠡᠢ᠂ ᠴᠢ ᠬᠡᠭᠡᠷ᠎ᠡ ᠲᠠᠯ᠎ᠠ ᠳᠤ ᠬᠠᠶᠠᠭᠳᠠᠭᠰᠠᠨ᠃ ᠲᠡᠢᠨ ᠬᠦ ᠴᠢ ᠲᠥᠷᠥᠭᠰᠡᠨ ᠡᠳᠦᠷ ᠲᠡᠭᠡᠨ ᠵᠢᠭ᠍ᠰᠢᠯ ᠪᠣᠯᠵᠠᠢ᠃
6 ᠪᠢ ᠬᠠᠵᠠᠭᠤ ᠪᠠᠷ ᠴᠢᠨᠢ ᠥᠩᠭᠡᠷᠡᠬᠦ ᠳᠡᠭᠡᠨ᠂ ᠴᠢᠰᠤᠨ ᠳᠠᠭᠠᠨ ᠲᠡᠯᠴᠢᠯᠡᠨ ᠪᠠᠢᠬᠤ ᠶᠢ ᠴᠢᠨᠢ ᠬᠠᠷᠠᠪᠠ᠂ ᠴᠢᠰᠤ ᠲᠠᠢ ᠪᠠᠢᠬᠤ ᠳᠤ ᠴᠢᠨᠢ ᠪᠢ ᠴᠢᠮᠠᠶᠢ 〈ᠠᠮᠢᠳᠤᠷᠠ〉 ᠭᠡᠪᠡ᠂ ᠴᠢᠰᠤ ᠲᠠᠢ ᠪᠠᠢᠬᠤ ᠳᠤ ᠴᠢᠨᠢ ᠪᠢ ᠴᠢᠮᠠᠶᠢ 〈ᠠᠮᠢᠳᠤᠷᠠ〉 ᠭᠡᠪᠡ᠃ 7 ᠪᠢ ᠴᠢᠮᠠᠶᠢ ᠬᠡᠭᠡᠷ᠎ᠡ ᠶᠢᠨ ᠡᠪᠡᠰᠦ ᠨᠣᠭᠣᠭ᠎ᠠ ᠠᠳᠠᠯᠢ ᠥᠰᠭᠡᠭᠰᠡᠨ ᠳᠦ᠂ ᠴᠢ ᠥᠰᠴᠦ ᠥᠨᠳᠥᠷ ᠪᠣᠯᠣᠭᠠᠳ ᠠᠰᠤᠷᠤ ᠦᠵᠡᠰᠬᠦᠯᠡᠩ ᠲᠡᠢ ᠪᠣᠯᠪᠠ᠃ ᠬᠥᠬᠥ ᠴᠢᠨᠢ ᠬᠡᠯᠪᠡᠷᠢᠰᠢᠵᠦ᠂ ᠦᠰᠦ ᠴᠢᠨᠢ ᠤᠷᠭᠤᠪᠠ᠃ ᠬᠠᠷᠢᠨ ᠴᠢ ᠨᠢᠴᠦᠭᠦᠨ ᠱᠠᠯᠳᠠᠩ ᠪᠠᠢᠪᠠ᠃
8 ᠪᠢ ᠳᠠᠬᠢᠨ ᠴᠢᠨᠦ ᠬᠠᠵᠠᠭᠤ ᠪᠠᠷ ᠥᠩᠭᠡᠷᠡᠵᠦ᠂ ᠴᠢᠮᠠᠶᠢ ᠬᠠᠷᠠᠬᠤ ᠳᠤ᠂ ᠴᠢ ᠢᠨᠠᠭᠯᠠᠬᠤ ᠨᠠᠰᠤᠨ ᠳᠤ ᠬᠦᠷᠦᠭᠰᠡᠨ ᠪᠠᠢᠪᠠ︕ ᠪᠢ ᠬᠣᠷᠮᠣᠢ ᠪᠠᠨ ᠴᠢᠨᠦ ᠳᠡᠭᠡᠭᠦᠷ ᠳᠡᠯᠭᠡᠵᠦ ᠨᠢᠴᠦᠭᠦᠨ ᠢ ᠴᠢᠨᠢ ᠪᠦᠲᠡᠭᠡᠭᠰᠡᠨ᠃ ᠪᠢ ᠴᠢᠮ᠎ᠠ ᠳᠤ ᠲᠠᠩ᠋ᠭᠠᠷᠢᠭᠯᠠᠨ᠂ ᠴᠢᠮ᠎ᠠ ᠲᠠᠢ ᠭᠡᠷ᠎ᠡ ᠪᠠᠢᠭᠤᠯᠪᠠ᠂ ᠲᠡᠢᠨ ᠬᠦ ᠴᠢ ᠮᠢᠨᠦᠬᠢ ᠪᠣᠯᠣᠯ᠎ᠠ᠂〉 ᠡᠵᠡᠨ ᠶᠣᠬᠣᠸᠠ ᠠᠢᠯᠠᠳᠴᠤ ᠪᠠᠢᠨ᠎ᠠ᠃ 9 〈ᠪᠢ ᠴᠢᠮᠠᠶᠢ ᠤᠰᠤᠨ ᠳᠤ ᠪᠤᠯᠬᠠᠨ᠂ ᠴᠢᠰᠤ ᠶᠢ ᠴᠢᠨᠢ ᠤᠬᠢᠶᠠᠵᠤ᠂ ᠴᠢᠮᠠᠶᠢ ᠲᠣᠰᠣ ᠪᠠᠷ ᠲᠣᠰᠣᠯᠠᠵᠠᠢ᠃ 10 ᠪᠢ ᠴᠢᠮᠠᠶᠢ ᠬᠠᠳᠬᠤᠮᠠᠯᠲᠤ ᠬᠤᠪᠴᠠᠰᠤ ᠪᠠᠷ ᠬᠤᠪᠴᠠᠰᠤᠯᠠᠵᠤ᠂ ᠴᠢᠮ᠎ᠠ ᠳᠤ ᠠᠷᠠᠰᠤᠨ ᠱᠠᠬᠠᠢ ᠡᠮᠦᠰᠬᠡᠨ᠂ ᠨᠠᠷᠢᠨ ᠮᠠᠭᠠᠯᠢᠩ᠋ᠭᠤ ᠪᠠᠷ ᠣᠷᠢᠶᠠᠵᠤ᠂ ᠲᠣᠷᠭ᠎ᠠ ᠨᠥᠮᠥᠷᠭᠡᠪᠡ᠃ 11 ᠪᠢ ᠴᠢᠮᠠᠶᠢ ᠭᠣᠶᠣᠯᠠᠯ ᠢᠶᠠᠷ ᠭᠣᠶᠣᠵᠤ᠂ ᠭᠠᠷ ᠲᠤ ᠴᠢᠨᠢ ᠪᠠᠭᠤᠪᠴᠢ᠂ ᠬᠦᠵᠦᠭᠦᠨ ᠳᠦ ᠴᠢᠨᠢ ᠰᠣᠨᠳᠣᠷ ᠵᠡᠭᠦᠯᠭᠡᠵᠦ᠂ 12 ᠬᠠᠮᠠᠷ ᠲᠤ ᠴᠢᠨᠢ ᠭᠠᠷᠠᠬ᠎ᠠ ᠬᠢᠵᠦ᠂ ᠴᠢᠬᠢᠨ ᠳᠤ ᠴᠢᠨᠢ ᠡᠭᠡᠮᠦᠭ ᠵᠡᠭᠦᠯᠭᠡᠨ᠂ ᠲᠣᠯᠣᠭᠠᠢ ᠳᠡᠭᠡᠷ᠎ᠡ ᠴᠢᠨᠢ ᠦᠵᠡᠰᠬᠦᠯᠡᠩᠲᠦ ᠲᠢᠲᠢᠮ ᠲᠠᠯᠪᠢᠪᠠ᠃ 13 ᠡᠢᠨ ᠬᠦ ᠴᠢ ᠠᠯᠲᠠ᠂ ᠮᠥᠩᠭᠥ ᠪᠡᠷ ᠭᠣᠶᠣᠵᠤ᠂ ᠨᠠᠷᠢᠨ ᠮᠠᠭᠠᠯᠢᠩ᠋ᠭᠤ᠂ ᠲᠣᠷᠭ᠎ᠠ ᠪᠣᠯᠣᠨ ᠬᠠᠳᠬᠤᠮᠠᠯ ᠲᠠᠢ ᠪᠥᠰ ᠢᠶᠡᠷ ᠬᠤᠪᠴᠠᠰᠤᠯᠠᠨ᠂ ᠨᠠᠷᠢᠯᠢᠭ᠋ ᠭᠤᠯᠢᠷ᠂ ᠵᠥᠭᠡᠢ ᠶᠢᠨ ᠪᠠᠯ᠂ ᠲᠣᠰᠣ ᠪᠠᠷ ᠬᠣᠭᠣᠯᠠᠯᠠᠪᠠ᠃ ᠴᠢ ᠠᠰᠤᠷᠤ ᠶᠡᠬᠡ ᠦᠵᠡᠰᠬᠦᠯᠡᠩ ᠲᠡᠢ ᠪᠣᠯᠣᠭᠰᠠᠨ ᠪᠥᠭᠡᠳ ᠬᠠᠲᠤᠨ ᠪᠣᠯᠵᠤ ᠡᠷᠭᠦᠮᠵᠢᠯᠡᠭᠳᠡᠪᠡ᠃ 14 ᠮᠢᠨᠦ ᠴᠢᠮ᠎ᠠ ᠳᠤ ᠰᠣᠶᠣᠷᠬᠠᠭᠰᠠᠨ ᠵᠢᠪᠬᠤᠯᠠᠩ ᠴᠢᠮᠠᠶᠢ ᠲᠡᠭᠦᠰ ᠰᠠᠢᠬᠠᠨ ᠪᠣᠯᠭᠠᠭᠰᠠᠨ᠃ ᠭᠣᠶᠣ ᠦᠵᠡᠰᠬᠦᠯᠡᠩ ᠡᠴᠡ ᠪᠡᠨ ᠪᠣᠯᠵᠤ ᠴᠢᠨᠦ ᠨᠡᠷ᠎ᠡ ᠠᠯᠳᠠᠷ ᠦᠨᠳᠦᠰᠦᠲᠡᠨ ᠨᠦᠭᠦᠳ ᠦᠨ ᠳᠤᠮᠳᠠ ᠲᠠᠷᠬᠠᠪᠠ᠃〉 ᠡᠵᠡᠨ ᠶᠣᠬᠣᠸᠠ ᠠᠢᠯᠠᠳᠴᠤ ᠪᠠᠢᠨ᠎ᠠ᠃
15 〈ᠬᠠᠷᠢᠨ ᠴᠢ ᠭᠣᠶᠣ ᠦᠵᠡᠰᠬᠦᠯᠡᠩ ᠳᠡᠭᠡᠨ ᠨᠠᠢᠳᠠᠵᠤ᠂ ᠨᠡᠷ᠎ᠡ ᠠᠯᠳᠠᠷ ᠢᠶᠠᠨ ᠠᠰᠢᠭᠯᠠᠨ ᠵᠠᠪᠬᠠᠢᠷᠠᠵᠤ᠂ ᠬᠠᠵᠠᠭᠤ ᠪᠠᠷ ᠥᠩᠭᠡᠷᠡᠭᠴᠢ ᠪᠣᠯᠭᠠᠨ ᠳᠤ ᠲᠠᠴᠢᠶᠠᠯ ᠢᠶᠠᠨ ᠠᠰᠬᠠᠨ᠂ ᠲᠡᠭᠦᠨ ᠦ ᠬᠢ ᠪᠣᠯᠪᠠ᠃ 16 ᠴᠢ ᠬᠤᠪᠴᠠᠰᠤ ᠬᠤᠨᠠᠷ ᠠᠴᠠ ᠪᠠᠨ ᠠᠪᠴᠤ᠂ ᠡᠯᠳᠡᠪ ᠥᠩᠭᠡ ᠶᠢᠨ ᠮᠥᠷᠭᠥᠯ ᠦᠨ ᠮᠠᠨᠳᠠᠯ ᠤᠳ ᠢ ᠪᠦᠲᠦᠭᠡᠵᠦ᠂ ᠲᠡᠳᠡᠭᠡᠷ ᠦᠨ ᠳᠡᠭᠡᠷ᠎ᠡ ᠵᠠᠪᠬᠠᠢᠷᠠᠳᠠᠭ ᠪᠠᠢᠪᠠ᠃ ᠲᠡᠳᠡᠭᠡᠷ ᠶᠠᠪᠤᠳᠠᠯ ᠪᠠᠢᠵᠤ ᠪᠣᠯᠬᠤ ᠦᠭᠡᠢ᠂ ᠪᠠᠢᠬᠤ ᠴᠤ ᠶᠣᠰᠣ ᠦᠭᠡᠢ ᠶᠤᠮ᠃ 17 ᠴᠢ ᠨᠠᠳᠠ ᠠᠴᠠ ᠠᠪᠤᠭᠰᠠᠨ ᠠᠯᠲᠠ᠂ ᠮᠥᠩᠭᠥᠨ ᠴᠢᠮᠡᠭᠯᠡᠯ ᠢᠶᠡᠷ ᠡᠷᠡᠭᠲᠡᠢ ᠱᠤᠭᠤᠮᠠᠯ ᠤᠳ ᠬᠢᠵᠦ᠂ ᠲᠡᠳᠡᠨ ᠲᠡᠢ ᠵᠠᠪᠬᠠᠢᠷᠠᠭᠰᠠᠨ ᠶᠤᠮ᠃ 18 ᠴᠢ ᠬᠠᠳᠬᠤᠮᠠᠯᠲᠤ ᠬᠤᠪᠴᠠᠰᠤ ᠪᠠᠨ ᠲᠡᠳᠡᠨ ᠳᠦ ᠨᠥᠮᠥᠷᠭᠡᠨ᠂ ᠮᠢᠨᠦ ᠲᠣᠰᠣ᠂ ᠮᠢᠨᠦ ᠤᠲᠤᠯᠭ᠎ᠠ ᠶᠢ ᠲᠡᠳᠡᠨ ᠦ ᠡᠮᠦᠨ᠎ᠡ ᠡᠷᠭᠦᠪᠡ᠃ 19 ᠮᠥᠨ ᠴᠢᠮ᠎ᠠ ᠳᠤ ᠥᠭᠭᠥᠭᠰᠡᠨ ᠬᠦᠨᠡᠰᠦ ᠬᠢᠭᠡᠳ ᠴᠢᠮᠠᠶᠢ ᠲᠡᠵᠢᠭᠡᠬᠦ ᠪᠡᠷ ᠥᠭᠭᠥᠭᠰᠡᠨ ᠨᠠᠷᠢᠯᠢᠭ᠋ ᠭᠤᠯᠢᠷ᠂ ᠲᠣᠰᠣ ᠪᠣᠯᠣᠨ ᠵᠥᠭᠡᠢ ᠶᠢᠨ ᠪᠠᠯ ᠢ ᠴᠢ ᠲᠡᠳᠡᠨ ᠦ ᠡᠮᠦᠨ᠎ᠡ ᠲᠠᠭᠠᠯᠠᠮᠵᠢᠲᠤ ᠦᠨᠦᠷ ᠪᠣᠯᠭᠠᠨ ᠡᠷᠭᠦᠪᠡ᠃〉 ᠡᠵᠡᠨ ᠶᠣᠬᠣᠸᠠ ᠠᠢᠯᠠᠳᠴᠤ ᠪᠠᠢᠨ᠎ᠠ᠃ 20 〈ᠴᠢ ᠨᠠᠳᠠ ᠳᠤ ᠲᠥᠷᠥᠭᠦᠯᠵᠦ ᠥᠭᠭᠥᠭᠰᠡᠨ ᠬᠥᠪᠡᠭᠦᠳ ᠥᠬᠢᠳ ᠢᠶᠠᠨ ᠲᠠᠬᠢᠯ ᠪᠣᠯᠭᠠᠵᠤ ᠰᠢᠲᠦᠭᠡᠨ ᠨᠦᠭᠦᠳ ᠲᠦ ᠢᠳᠡᠭᠦᠯᠪᠡ᠃ ᠵᠠᠪᠬᠠᠢᠷᠠᠯ ᠴᠢᠨᠢ ᠪᠠᠭᠠᠳᠠᠭᠰᠠᠨ ᠭᠡᠳ 21 ᠴᠢ ᠬᠡᠦᠬᠡᠳ ᠤᠳ ᠢ ᠮᠢᠨᠢ ᠨᠢᠲᠤᠯᠵᠤ᠂ ᠲᠡᠳᠡᠨ ᠢ ᠭᠠᠯ ᠳᠤᠮᠳᠠᠭᠤᠷ ᠥᠩᠭᠡᠷᠡᠭᠦᠯᠦᠨ᠂ ᠰᠢᠲᠦᠭᠡᠨ ᠨᠦᠭᠦᠳ ᠲᠦ ᠡᠷᠭᠦᠪᠡ ᠤᠤ︖ 22 ᠡᠢᠨ ᠬᠦ ᠴᠢ ᠡᠨᠡ ᠪᠦᠬᠦ ᠵᠢᠭᠰᠢᠭᠦᠷᠢᠲᠦ ᠵᠠᠪᠬᠠᠢᠷᠠᠯ ᠳᠠᠭᠠᠨ ᠠᠪᠲᠠᠵᠤ᠂ ᠨᠢᠴᠦᠭᠦᠨ᠂ ᠱᠠᠯᠳᠠᠩ ᠢᠶᠠᠷ ᠴᠢᠰᠤᠨ ᠳᠠᠭᠠᠨ ᠲᠡᠯᠴᠢᠯᠡᠵᠦ ᠪᠠᠢᠭᠰᠠᠨ ᠪᠠᠯᠴᠢᠷ ᠨᠠᠰᠤᠨ ᠤ ᠪᠠᠨ ᠡᠳᠦᠷ ᠤᠳ ᠢ ᠰᠠᠨᠠᠭᠰᠠᠨ ᠦᠭᠡᠢ᠃
23 ᠡᠵᠡᠨ ᠶᠣᠬᠣᠸᠠ ᠠᠢᠯᠠᠳᠴᠤ ᠪᠠᠢᠨ᠎ᠠ᠂ ᠭᠠᠰᠯᠠᠩᠲᠠᠶᠠ᠂ ᠴᠢ ᠭᠠᠰᠯᠠᠩᠲᠠᠶᠠ᠃ ᠡᠨᠡ ᠪᠦᠬᠦ ᠬᠣᠷᠣᠨ ᠮᠠᠭᠤ ᠶᠠᠪᠤᠳᠠᠯ ᠠᠴᠠ ᠪᠠᠨ ᠭᠠᠳᠠᠨ᠎ᠠ 24 ᠴᠢ ᠥᠪᠡᠷ ᠲᠡᠭᠡᠨ ᠲᠠᠪᠴᠠᠩ ᠪᠣᠰᠬᠠᠵᠤ᠂ ᠲᠠᠯᠠᠪᠠᠢ ᠪᠣᠯᠭᠠᠨ ᠳᠤ ᠥᠨᠳᠥᠷ ᠳᠤᠭᠠᠩ ᠪᠠᠷᠢᠭᠰᠠᠨ᠃ 25 ᠭᠤᠳᠤᠮᠵᠢ ᠪᠣᠯᠭᠠᠨ ᠤ ᠪᠤᠯᠤᠩ ᠲᠤ ᠴᠢ ᠥᠨᠳᠥᠷ ᠳᠤᠭᠠᠩ ᠪᠠᠷᠢᠭᠰᠠᠨ ᠤ ᠳᠠᠷᠠᠭ᠎ᠠ᠂ ᠭᠤᠸ᠎ᠠ ᠦᠵᠡᠰᠬᠦᠯᠡᠩ ᠢᠶᠡᠨ ᠭᠤᠲᠤᠭᠠᠵᠤ᠂ ᠬᠠᠵᠠᠭᠤ ᠪᠠᠷ ᠴᠢᠨᠢ ᠥᠩᠭᠡᠷᠡᠭᠴᠢ ᠪᠣᠯᠭᠠᠨ ᠤᠷᠤᠭᠤ ᠬᠥᠯ ᠢᠶᠡᠨ ᠠᠯᠴᠠᠢᠨ ᠤᠯᠠᠮ ᠢᠯᠡᠭᠦᠦ ᠵᠠᠪᠬᠠᠢᠷᠠᠭᠰᠠᠨ ᠶᠤᠮ᠃ 26 ᠴᠢ ᠶᠡᠬᠡ ᠲᠠᠴᠢᠶᠠᠩ᠋ᠭᠤᠢ ᠬᠥᠷᠰᠢ ᠶᠧᠵᠢᠫᠲ᠋ᠴᠦᠳ ᠲᠡᠢ ᠪᠡᠨ ᠴᠤ ᠵᠠᠪᠬᠠᠢᠷᠠᠵᠤ᠂ ᠤᠯᠠᠮ ᠢᠯᠡᠭᠦᠦ ᠵᠠᠪᠬᠠᠢᠷᠠᠨ ᠨᠠᠮᠠᠶᠢ ᠬᠢᠯᠢᠩᠨᠡᠭᠦᠯᠵᠡᠢ᠃ 27 ᠬᠠᠷ᠎ᠠ᠂ ᠪᠢ ᠴᠢᠮ᠎ᠠ ᠤᠷᠤᠭᠤ ᠮᠤᠲᠤᠷ ᠢᠶᠠᠨ ᠰᠤᠩ᠋ᠭᠠᠨ᠂ ᠬᠤᠪᠢ ᠶᠢ ᠴᠢᠨᠢ ᠬᠠᠰᠤᠵᠤ᠂ ᠴᠢᠮᠠᠶᠢ ᠦᠵᠡᠨ ᠶᠠᠳᠠᠳᠠᠭ᠂ ᠵᠠᠪᠬᠠᠢᠷᠠᠯ ᠠᠴᠠ ᠴᠢᠨᠢ ᠢᠴᠢᠭᠰᠡᠨ ᠹᠢᠯᠢᠰᠲ᠋ᠴᠦᠳ ᠦᠨ ᠥᠬᠢᠳ ᠤᠨ ᠡᠷᠬᠡᠰᠢᠶᠡᠯ ᠳᠦ ᠣᠷᠣᠭᠤᠯᠤᠭᠰᠠᠨ᠃ 28 ᠬᠠᠷᠢᠨ ᠴᠢ ᠬᠠᠨᠤᠭ᠎ᠠ ᠦᠭᠡᠢ ᠤᠴᠢᠷ ᠠᠴᠠ ᠠᠰᠢᠷᠢᠶᠠᠴᠤᠳ ᠲᠠᠢ ᠵᠠᠪᠬᠠᠢᠷᠠᠪᠠ᠃ ᠴᠢ ᠲᠡᠳᠡᠨ ᠲᠡᠢ ᠵᠠᠪᠬᠠᠢᠷᠠᠭᠰᠠᠨ ᠴᠤ ᠬᠠᠨᠤᠭ᠎ᠠ ᠦᠭᠡᠢ᠂ 29 ᠬᠤᠳᠠᠯᠳᠤᠭᠠᠴᠢᠳ ᠤᠨ ᠨᠤᠲᠤᠭ ᠪᠠᠪᠢᠯᠣᠨ ᠤ ᠡᠷᠡᠰ ᠢ ᠴᠤ ᠲᠠᠲᠠᠨ ᠤᠯᠠᠮ ᠢᠯᠡᠭᠦᠦ ᠵᠠᠪᠬᠠᠢᠷᠠᠭᠰᠠᠨ᠃ ᠡᠭᠦᠨ ᠢᠶᠡᠷ ᠴᠤ ᠴᠢ ᠬᠠᠨᠤᠭᠰᠠᠨ ᠦᠭᠡᠢ᠃〉》
30 ᠡᠵᠡᠨ ᠶᠣᠬᠣᠸᠠ ᠠᠢᠯᠠᠳᠴᠤ ᠪᠠᠢᠨ᠎ᠠ᠄ 《ᠢᠴᠢᠭᠦᠷᠢ ᠦᠭᠡᠢ ᠶᠠᠩ᠋ᠬᠠᠨ ᠮᠡᠲᠦ ᠡᠳᠡᠭᠡᠷ ᠵᠦᠢᠯ ᠢ ᠦᠢᠯᠡᠳᠦᠨ᠎ᠡ ᠭᠡᠵᠢ︕ ᠤᠬᠠᠭᠠᠨ ᠴᠢᠨᠢ ᠶᠠᠮᠠᠷ ᠳᠣᠷᠣᠢ ᠪᠤᠢ︕ 31 ᠴᠢ ᠭᠤᠳᠤᠮᠵᠢ ᠪᠣᠯᠭᠠᠨ ᠤ ᠪᠤᠯᠤᠩ ᠳᠤ ᠲᠠᠪᠴᠠᠩ ᠪᠣᠰᠬᠠᠵᠤ᠂ ᠲᠠᠯᠠᠪᠠᠢ ᠪᠣᠯᠭᠠᠨ ᠳᠤ ᠥᠨᠳᠥᠷ ᠳᠤᠭᠠᠩ ᠪᠠᠷᠢᠭᠰᠠᠨ︕ ᠬᠠᠷᠢᠨ ᠴᠢ ᠱᠠᠩ ᠬᠥᠯᠥᠰᠥ ᠶᠢ ᠬᠥᠩᠭᠡᠪᠴᠢᠯᠡᠳᠡᠭ᠌ ᠢᠶᠡᠷ ᠢᠶᠠᠨ ᠶᠠᠩ᠋ᠬᠠᠨ ᠰᠢᠭ᠋ ᠪᠢᠰᠢ᠃ 32 ᠴᠢ ᠪᠣᠯ ᠨᠥᠬᠥᠷ ᠦᠨ ᠢᠶᠠᠨ ᠣᠷᠣᠨ ᠳᠤ ᠲᠠᠨᠢᠬᠤ ᠦᠭᠡᠢ ᠡᠷ᠎ᠡ ᠶᠢ ᠬᠦᠯᠢᠶᠡᠨ ᠠᠪᠳᠠᠭ ᠵᠠᠪᠬᠠᠢ ᠡᠬᠡᠨᠡᠷ ᠶᠤᠮ᠂ 33 ᠶᠠᠩ᠋ᠬᠠᠨ ᠪᠦᠭᠦᠳᠡ ᠪᠡᠯᠡᠭ ᠠᠪᠳᠠᠭ ᠠᠲᠠᠯ᠎ᠠ ᠴᠢ ᠢᠨᠠᠭ ᠲᠠᠭᠠᠨ ᠪᠡᠯᠡᠭ ᠥᠭᠳᠡᠭ᠂ ᠲᠡᠳᠡᠨ ᠢ ᠵᠦᠭ ᠪᠦᠷᠢ ᠡᠴᠡ ᠢᠷᠡᠭᠦᠯᠦᠭᠡᠳ ᠲᠡᠳᠡᠨ ᠲᠡᠢ ᠵᠠᠪᠬᠠᠢᠷᠠᠬᠤ ᠶᠢᠨ ᠲᠤᠯᠠᠳᠠ ᠬᠠᠬᠤᠤᠯᠢ ᠴᠤ ᠥᠭᠳᠡᠭ᠃ 34 ᠡᠢᠨ ᠬᠦ ᠴᠢ ᠵᠠᠪᠬᠠᠢᠷᠠᠬᠤ ᠳᠠᠭᠠᠨ ᠪᠤᠰᠤᠳ ᠡᠮᠡᠰ ᠡᠴᠡ ᠥᠭᠡᠷ᠎ᠡ᠂ ᠬᠡᠨ ᠨᠢᠭᠡ ᠨᠢ ᠵᠠᠪᠬᠠᠢᠷᠠᠬᠤ ᠪᠠᠷ ᠴᠢᠨᠦ ᠠᠷᠤ ᠠᠴᠠ ᠭᠦᠶᠦᠨ ᠴᠢᠮ᠎ᠠ ᠳᠤ ᠬᠥᠯᠥᠰᠥ ᠥᠭᠳᠡᠭ ᠪᠢᠰᠢ᠂ ᠬᠠᠷᠢᠨ ᠴᠢ ᠬᠥᠯᠥᠰᠥ ᠥᠭᠳᠡᠭ ᠤᠴᠢᠷ ᠲᠡᠳᠡᠨ ᠡᠴᠡ ᠥᠭᠡᠷ᠎ᠡ᠃》
35 ᠲᠡᠢᠮᠦ ᠡᠴᠡ ᠶᠠᠩ᠋ᠬᠠᠨ ᠴᠢ᠂ ᠶᠣᠬᠣᠸᠠ ᠶᠢᠨ ᠦᠭᠡ ᠶᠢ ᠰᠣᠨᠣᠰ᠃ 36 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠲᠠᠴᠢᠶᠠᠯ ᠢᠶᠠᠨ ᠠᠰᠬᠠᠵᠤ᠂ ᠢᠨᠠᠭ ᠲᠠᠢ ᠪᠠᠨ ᠵᠠᠪᠬᠠᠢᠷᠠᠬᠤ ᠳᠠᠭᠠᠨ ᠨᠢᠴᠦᠭᠦᠨ ᠪᠡᠶ᠎ᠡ ᠪᠡᠨ ᠢᠯᠡ ᠭᠠᠷᠭᠠᠵᠤ᠂ ᠠᠯᠢᠪᠠ ᠵᠢᠭᠰᠢᠭᠦᠷᠢᠲᠦ ᠰᠢᠲᠦᠭᠡᠨ ᠨᠦᠭᠦᠳ ᠲᠡᠭᠡᠨ ᠬᠡᠦᠬᠡᠳ ᠤᠳ ᠤᠨ ᠢᠶᠠᠨ ᠴᠢᠰᠤ ᠶᠢ ᠡᠷᠭᠦᠭᠰᠡᠨ ᠤᠴᠢᠷ ᠠᠴᠠ᠂ 37 ᠪᠢ ᠲᠠᠭᠠᠯᠠᠭᠰᠠᠨ ᠪᠦᠬᠦ ᠢᠨᠠᠭ ᠢ ᠴᠢᠨᠢ᠂ ᠬᠠᠢᠷᠠᠯᠠᠵᠤ ᠪᠠᠢᠭᠰᠠᠨ ᠪᠠ ᠵᠠᠨᠤᠵᠤ ᠪᠠᠢᠭᠰᠠᠨ ᠪᠦᠬᠦᠨ ᠢ ᠴᠢᠨᠢ ᠴᠤᠭᠯᠠᠭᠤᠯᠤᠨ᠎ᠠ᠃ ᠲᠡᠳᠡᠨ ᠢ ᠵᠦᠭ ᠪᠦᠷᠢ ᠡᠴᠡ ᠴᠢᠮ᠎ᠠ ᠤᠷᠤᠭᠤ ᠴᠤᠭᠯᠠᠭᠤᠯᠵᠤ᠂ ᠲᠡᠳᠡᠨ ᠦ ᠡᠮᠦᠨ᠎ᠡ ᠴᠢᠮᠠᠶᠢ ᠨᠢᠴᠦᠭᠦᠯᠡᠨ᠂ ᠨᠢᠴᠦᠭᠦᠨ ᠪᠡᠶ᠎ᠡ ᠶᠢ ᠴᠢᠨᠢ ᠪᠦᠬᠦᠨ ᠢ ᠲᠡᠳᠡᠨ ᠳᠦ ᠬᠠᠷᠠᠭᠤᠯᠤᠨ᠎ᠠ᠃ 38 ᠲᠡᠢᠨ ᠬᠦ ᠵᠠᠪᠬᠠᠢᠷᠠᠭᠰᠠᠨ ᠪᠤᠶᠤ ᠴᠢᠰᠤ ᠤᠷᠤᠰᠬᠠᠭᠰᠠᠨ ᠡᠮ᠎ᠡ ᠶᠢ ᠰᠢᠳᠬᠡᠬᠦ ᠮᠡᠲᠦ ᠪᠢ ᠴᠢᠮᠠᠶᠢ ᠰᠢᠳᠬᠡᠨ᠎ᠡ᠂ ᠪᠢ ᠠᠭᠤᠷᠯᠠᠨ ᠬᠠᠷᠠᠳᠠᠵᠤ ᠴᠢᠮ᠎ᠠ ᠳᠤ ᠴᠢᠰᠤ ᠪᠠᠷ ᠬᠠᠷᠢᠭᠤᠯᠤᠨ᠎ᠠ᠃ 39 ᠪᠢ ᠴᠢᠮᠠᠶᠢ ᠢᠨᠠᠭ ᠤᠳ ᠤᠨ ᠴᠢᠨᠢ ᠭᠠᠷ ᠲᠤ ᠲᠤᠰᠢᠶᠠᠪᠠᠯ᠂ ᠲᠡᠳᠡ ᠲᠠᠪᠴᠠᠩ ᠤᠳ ᠢ ᠴᠢᠨᠢ ᠨᠤᠷᠠᠭᠠᠵᠤ᠂ ᠥᠨᠳᠥᠷ ᠳᠤᠭᠠᠩ ᠤᠳ ᠢ ᠴᠢᠨᠢ ᠰᠦᠢᠷᠡᠭᠦᠯᠵᠦ᠂ ᠬᠤᠪᠴᠠᠰᠤ ᠶᠢ ᠴᠢᠨᠢ ᠳᠠᠢᠴᠢᠨ᠂ ᠴᠢᠮᠡᠭᠯᠡᠯ ᠢ ᠴᠢᠨᠢ ᠪᠤᠯᠢᠶᠠᠵᠤ᠂ ᠴᠢᠮᠠᠶᠢ ᠨᠢᠴᠦᠭᠦᠨ᠂ ᠱᠠᠯᠳᠠᠩ ᠣᠷᠬᠢᠨ᠎ᠠ᠃ 40 ᠲᠡᠳᠡ ᠦᠢ ᠣᠯᠠᠨ ᠢ ᠳᠠᠭᠠᠭᠤᠯᠤᠨ ᠢᠷᠡᠵᠦ᠂ ᠴᠢᠮᠠᠶᠢ ᠴᠢᠯᠠᠭᠤ ᠪᠠᠷ ᠴᠢᠯᠠᠭᠤᠳᠠᠨ᠂ ᠢᠯᠳᠦ ᠪᠡᠷ ᠴᠠᠪᠴᠢᠨ᠎ᠠ᠃ 41 ᠲᠡᠳᠡ ᠭᠡᠷ ᠢ ᠴᠢᠨᠢ ᠭᠠᠯᠳᠠᠵᠤ᠂ ᠣᠯᠠᠨ ᠡᠮᠡᠭᠲᠡᠢ ᠶᠢᠨ ᠨᠢᠳᠦᠨ ᠳᠡᠭᠡᠷ᠎ᠡ ᠴᠢᠮᠠᠶᠢ ᠰᠢᠳᠬᠡᠨ᠎ᠡ᠃ ᠪᠢ ᠵᠠᠪᠬᠠᠢᠷᠠᠯ ᠢ ᠴᠢᠨᠢ ᠲᠡᠢᠨ ᠬᠦ ᠵᠣᠭᠰᠣᠭᠠᠵᠤ᠂ ᠴᠢ ᠢᠨᠠᠭ ᠤᠳ ᠲᠠᠭᠠᠨ ᠬᠥᠯᠥᠰᠥ ᠥᠭᠬᠦ ᠪᠡᠨ ᠪᠣᠯᠢᠨ᠎ᠠ᠃ 42 ᠲᠡᠭᠡᠪᠡᠯ ᠴᠢᠮ᠎ᠠ ᠤᠷᠤᠭᠤ ᠳᠦᠷᠡᠯᠵᠡᠭᠰᠡᠨ ᠠᠭᠤᠷ ᠮᠢᠨᠢ ᠨᠠᠮᠳᠠᠵᠤ᠂ ᠮᠢᠨᠦ ᠬᠠᠷᠠᠳᠠᠯᠲᠠ ᠴᠢᠮ᠎ᠠ ᠠᠴᠠ ᠵᠠᠢᠯᠠᠨ᠂ ᠪᠢ ᠲᠠᠢᠳᠬᠤᠷᠠᠨ ᠠᠭᠤᠷᠯᠠᠬᠤ ᠪᠠᠨ ᠪᠣᠯᠢᠨ᠎ᠠ᠃ 43 ᠴᠢ ᠪᠠᠭ᠎ᠠ ᠨᠠᠰᠤᠨ ᠤ ᠪᠠᠨ ᠡᠳᠦᠷ ᠤᠳ ᠢ ᠰᠠᠨᠠᠯ ᠦᠭᠡᠢ᠂ ᠡᠨᠡ ᠪᠦᠬᠦᠨ ᠢᠶᠡᠷ ᠨᠠᠮᠠᠶᠢ ᠬᠢᠯᠢᠩᠨᠡᠭᠦᠯᠦᠭᠰᠡᠨ ᠲᠤᠯᠠ ᠪᠢ ᠦᠢᠯᠡᠰ ᠦᠨ ᠴᠢᠨᠢ ᠬᠠᠷᠢᠭᠤ ᠶᠢ ᠲᠣᠯᠣᠭᠠᠢ ᠳᠡᠭᠡᠷ᠎ᠡ ᠴᠢᠨᠢ ᠠᠪᠴᠢᠷᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
44 ᠠᠩ᠋ᠬᠠᠷᠤᠭᠲᠤᠨ᠂ ᠵᠦᠢᠷᠯᠡᠭᠴᠢ ᠪᠣᠯᠭᠠᠨ ᠴᠢᠮ᠎ᠠ ᠪᠠᠷ ᠵᠦᠢᠷᠯᠡᠯ ᠪᠣᠯᠭᠠᠨ᠄ 〈ᠡᠬᠡ ᠨᠢ ᠶᠠᠮᠠᠷ ᠪᠣᠯ ᠥᠬᠢᠨ ᠨᠢ ᠶᠠᠮᠠᠷ〉 ᠭᠡᠬᠦ ᠪᠣᠯᠣᠨ᠎ᠠ᠃ 45 ᠴᠢ ᠪᠣᠯ ᠨᠥᠬᠥᠷ ᠬᠢᠭᠡᠳ ᠬᠡᠦᠬᠡᠳ ᠤᠳ ᠢᠶᠠᠨ ᠵᠢᠭ᠍ᠰᠢᠭᠰᠡᠨ ᠡᠬᠡ ᠶᠢᠨ ᠥᠬᠢᠨ᠂ ᠨᠥᠬᠥᠷ ᠬᠢᠭᠡᠳ ᠬᠡᠦᠬᠡᠳ ᠤᠳ ᠢᠶᠠᠨ ᠵᠢᠭ᠍ᠰᠢᠭᠰᠡᠨ ᠡᠭᠡᠴᠢ ᠶᠢᠨ ᠥᠬᠢᠨ ᠳᠡᠭᠦᠦ᠃ ᠡᠬᠡ ᠴᠢᠨᠢ ᠾᠢᠲ ᠬᠥᠮᠦᠨ᠂ ᠡᠴᠢᠭᠡ ᠴᠢᠨᠢ ᠠᠮᠣᠷᠢ ᠬᠥᠮᠦᠨ᠃ 46 ᠴᠢᠨᠦ ᠡᠭᠡᠴᠢ ᠪᠣᠯ ᠥᠬᠢᠳ ᠲᠠᠢ ᠪᠠᠨ ᠬᠣᠢᠲᠤ ᠵᠦᠭ ᠲᠦ ᠴᠢᠨᠢ ᠰᠠᠭᠤᠵᠤ ᠪᠠᠢᠭᠰᠠᠨ ᠰᠠᠮᠠᠷᠢᠶ᠎ᠠ᠂ ᠴᠢᠨᠦ ᠥᠬᠢᠨ ᠳᠡᠭᠦᠦ ᠪᠣᠯ ᠥᠬᠢᠳ ᠲᠠᠢ ᠪᠠᠨ ᠡᠮᠦᠨ᠎ᠡ ᠵᠦᠭ ᠲᠦ ᠴᠢᠨᠢ ᠰᠠᠭᠤᠵᠤ ᠪᠠᠢᠭᠰᠠᠨ ᠰᠣᠳᠣᠮ ᠶᠤᠮ᠃ 47 ᠴᠢ ᠲᠡᠳᠡᠨ ᠦ ᠵᠠᠮ ᠢᠶᠠᠷ ᠶᠠᠪᠤᠨ᠂ ᠵᠢᠭᠰᠢᠭᠦᠷᠢᠲᠦ ᠶᠠᠪᠤᠳᠠᠯ ᠢ ᠨᠢ ᠳᠠᠭᠤᠷᠢᠶᠠᠭᠰᠠᠨ ᠢᠶᠠᠷ ᠦᠯᠦ ᠪᠠᠷᠠᠮ ᠤᠳᠠᠵᠤ ᠲᠦᠳᠡᠯ ᠦᠭᠡᠢ ᠪᠦᠬᠦ ᠲᠠᠯ᠎ᠠ ᠪᠠᠷ ᠢᠶᠠᠨ ᠲᠡᠳᠡᠨ ᠡᠴᠡ ᠢᠯᠡᠭᠦᠦ ᠵᠠᠪᠬᠠᠢᠷᠠᠭᠰᠠᠨ ᠪᠢᠯᠡ᠃》 48 ᠡᠵᠡᠨ ᠶᠣᠬᠣᠸᠠ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠴᠢᠨᠦ ᠳᠡᠭᠦᠦ ᠰᠣᠳᠣᠮ ᠪᠣᠯᠣᠨ ᠲᠡᠭᠦᠨ ᠦ ᠥᠬᠢᠳ ᠴᠢ ᠪᠣᠯᠣᠨ ᠴᠢᠨᠦ ᠥᠬᠢᠳ ᠤᠨ ᠦᠢᠯᠡᠳᠦᠭᠰᠡᠨ ᠰᠢᠭ ᠦᠢᠯᠡᠳᠦᠭᠰᠡᠨ ᠪᠢᠰᠢ᠃ 49 ᠬᠠᠷ᠎ᠠ᠂ ᠴᠢᠨᠦ ᠳᠡᠭᠦᠦ ᠰᠣᠳᠣᠮ ᠤᠨ ᠨᠢᠭᠦᠯ ᠭᠡᠪᠡᠯ᠂ ᠲᠡᠷᠡ ᠪᠣᠯᠣᠨ ᠲᠡᠭᠦᠨ ᠦ ᠥᠬᠢᠳ ᠪᠠᠷᠳᠠᠮ᠂ ᠲᠡᠳᠡ ᠡᠯᠪᠡᠭ ᠬᠦᠨᠡᠰᠦ ᠲᠠᠢ᠂ ᠲᠠᠢᠪᠤᠩ ᠠᠮᠤᠭᠤᠯᠠᠩ ᠪᠠᠢᠭᠰᠠᠨ ᠪᠣᠯᠪᠠᠴᠤ ᠦᠭᠡᠭᠦᠦ ᠶᠠᠳᠠᠭᠤᠰ ᠲᠤ ᠲᠤᠰᠠᠯᠠᠭ᠎ᠠ ᠦᠭᠡᠢ᠂ 50 ᠬᠠᠷᠢᠨ ᠮᠢᠨᠦ ᠡᠮᠦᠨ᠎ᠡ ᠶᠡᠬᠡᠷᠬᠡᠵᠦ᠂ ᠵᠢᠭᠰᠢᠭᠦᠷᠢᠲᠦ ᠦᠢᠯᠡᠰ ᠢ ᠦᠢᠯᠡᠳᠦᠭᠰᠡᠨ ᠶᠤᠮ᠃ ᠲᠡᠢᠮᠦ ᠡᠴᠡ ᠪᠢ ᠡᠭᠦᠨ ᠢ ᠬᠠᠷᠠᠭᠠᠳ ᠲᠡᠳᠡᠨ ᠢ ᠠᠷᠴᠢᠵᠤ ᠬᠠᠶᠠᠭᠰᠠᠨ᠃ 51 ᠰᠠᠮᠠᠷᠢᠶ᠎ᠠ ᠴᠤ ᠴᠢᠨᠦ ᠨᠢᠭᠦᠯ ᠤᠳ ᠤᠨ ᠬᠠᠭᠠᠰ ᠢ ᠨᠢ ᠴᠤ ᠦᠢᠯᠡᠳᠦᠭᠰᠡᠨ ᠦᠭᠡᠢ᠃ ᠴᠢ ᠲᠡᠳᠡᠨ ᠡᠴᠡ ᠢᠯᠡᠭᠦᠦ ᠵᠢᠭᠰᠢᠭᠦᠷᠢᠲᠦ ᠵᠦᠢᠯᠡᠰ ᠦᠢᠯᠡᠳᠦᠭᠰᠡᠨ ᠲᠤᠯᠠ ᠦᠢᠯᠡᠳᠦᠭᠰᠡᠨ ᠬᠠᠮᠤᠭ ᠵᠢᠭᠰᠢᠭᠦᠷᠢ ᠴᠢᠨᠢ ᠡᠭᠡᠴᠢ ᠳᠡᠭᠦᠦᠰ ᠢ ᠴᠢᠨᠢ ᠵᠥᠪᠲᠦ ᠮᠡᠲᠦ ᠪᠣᠯᠭᠠᠵᠠᠢ᠃ 52 ᠴᠢ ᠡᠭᠡᠴᠢ ᠳᠡᠭᠦᠦᠰ ᠢᠶᠡᠨ ᠰᠢᠭᠦᠮᠵᠢᠯᠡᠳᠡᠭ᠌ ᠪᠠᠢᠭᠰᠠᠨ ᠲᠤᠯᠠ ᠢᠴᠢᠭᠦᠷᠢ ᠪᠠᠨ ᠥᠪᠡᠷ ᠢᠶᠡᠨ ᠡᠭᠦᠷ᠃ ᠦᠢᠯᠡᠳᠦᠭᠰᠡᠨ ᠨᠢᠭᠦᠯ ᠤᠳ ᠴᠢᠨᠢ ᠲᠡᠳᠡᠨ ᠦ ᠬᠢ ᠡᠴᠡ ᠢᠯᠡᠭᠦᠦ ᠵᠢᠭᠰᠢᠭᠦᠷᠢ ᠲᠠᠢ ᠤᠴᠢᠷ ᠴᠢᠮᠠᠶᠢ ᠪᠣᠳᠣᠪᠠᠯ ᠲᠡᠳᠡ ᠵᠥᠪᠲᠦ ᠮᠡᠲᠦ᠃ ᠴᠢ ᠡᠭᠡᠴᠢ ᠳᠡᠭᠦᠦᠰ ᠢᠶᠡᠨ ᠵᠥᠪᠲᠦ ᠮᠡᠲᠦ ᠪᠣᠯᠭᠠᠭᠰᠠᠨ ᠲᠤᠯᠠ ᠥᠪᠡᠷ ᠢᠶᠡᠨ ᠢᠴᠢᠵᠦ᠂ ᠭᠤᠲᠤᠮᠰᠢᠭ ᠢᠶᠠᠨ ᠡᠭᠦᠷ᠃
53 ᠬᠠᠷᠢᠨ ᠪᠢ ᠰᠣᠳᠣᠮ ᠪᠣᠯᠣᠨ ᠲᠡᠭᠦᠨ ᠦ ᠥᠬᠢᠳ᠂ ᠰᠠᠮᠠᠷᠢᠶ᠎ᠠ ᠪᠣᠯᠣᠨ ᠲᠡᠭᠦᠨ ᠦ ᠥᠬᠢᠳ ᠢ ᠴᠥᠯᠡᠯᠭᠡ ᠡᠴᠡ ᠪᠤᠴᠠᠭᠠᠵᠤ᠂ ᠮᠥᠨ ᠴᠢᠮᠠᠶᠢ ᠲᠡᠳᠡᠨ ᠦ ᠬᠠᠮᠲᠤ ᠴᠥᠯᠡᠯᠭᠡ ᠡᠴᠡ ᠪᠤᠴᠠᠭᠠᠨ᠎ᠠ᠃ 54 ᠲᠡᠢᠨ ᠬᠦ ᠴᠢ ᠭᠤᠲᠤᠮᠰᠢᠭ ᠢᠶᠠᠨ ᠡᠭᠦᠷᠴᠦ᠂ ᠲᠡᠳᠡᠨ ᠦ ᠬᠤᠪᠢ ᠳᠤ ᠲᠠᠢᠳᠬᠤᠷᠠᠯ ᠪᠣᠯᠬᠤ ᠬᠦᠷᠲᠡᠯ᠎ᠡ ᠪᠡᠨ ᠦᠢᠯᠡᠳᠦᠭᠰᠡᠨ ᠪᠦᠬᠦᠨ ᠡᠴᠡ ᠪᠡᠨ ᠢᠴᠢᠬᠦ ᠪᠣᠯᠣᠨ᠎ᠠ᠃ 55 ᠴᠢᠨᠦ ᠡᠭᠡᠴᠢ ᠳᠡᠭᠦᠦ ᠪᠣᠯᠬᠤ ᠰᠣᠳᠣᠮ ᠥᠬᠢᠳ ᠲᠠᠢ ᠪᠠᠨ᠂ ᠰᠠᠮᠠᠷᠢᠶ᠎ᠠ ᠥᠬᠢᠳ ᠲᠠᠢ ᠪᠠᠨ ᠤᠷᠢᠳᠤ ᠶᠢᠨ ᠪᠠᠢᠳᠠᠯ ᠳᠠᠭᠠᠨ ᠪᠤᠴᠠᠵᠤ᠂ ᠴᠢ ᠪᠠᠰᠠ ᠥᠬᠢᠳ ᠲᠠᠢ ᠪᠠᠨ ᠤᠷᠢᠳᠤ ᠶᠢᠨ ᠪᠠᠢᠳᠠᠯ ᠳᠠᠭᠠᠨ ᠪᠤᠴᠠᠨ᠎ᠠ᠃ 56 ᠴᠢ ᠪᠠᠷᠳᠠᠮᠨᠠᠯ ᠤᠨ ᠢᠶᠠᠨ ᠡᠳᠦᠷ ᠤᠳ ᠲᠤ ᠳᠡᠭᠦᠦ ᠰᠣᠳᠣᠮ ᠢᠶᠠᠨ ᠳᠤᠷᠠᠳᠬᠤ ᠴᠤ ᠦᠭᠡᠢ ᠪᠠᠢᠪᠠ᠂ 57 ᠬᠠᠷᠢᠨ ᠲᠡᠷᠡ ᠦᠶ᠎ᠡ ᠳᠦ ᠬᠣᠷᠣᠨ ᠮᠠᠭᠤ ᠶᠠᠪᠤᠳᠠᠯ ᠴᠢᠨᠢ ᠢᠯᠡᠷᠡᠭᠡ ᠦᠭᠡᠢ ᠪᠠᠢᠭᠰᠠᠨ᠂ ᠣᠳᠣ ᠴᠢ ᠡᠳᠣᠮ ᠤᠨ ᠥᠬᠢᠳ ᠪᠣᠯᠣᠨ ᠲᠡᠭᠦᠨ ᠦ ᠬᠥᠷᠰᠢ᠂ ᠹᠢᠯᠢᠰᠲ᠋ᠴᠦᠳ ᠦᠨ ᠥᠬᠢᠳ ᠵᠡᠷᠭᠡ ᠥᠪᠡᠷ ᠢ ᠴᠢᠨᠢ ᠦᠵᠡᠨ ᠶᠠᠳᠠᠳᠠᠭ ᠪᠦᠬᠦᠨ ᠦ ᠵᠢᠭ᠍ᠰᠢᠯ ᠪᠣᠯᠵᠤ ᠪᠠᠢᠨ᠎ᠠ᠃ 58 ᠲᠡᠢᠨ ᠬᠦ ᠴᠢ ᠵᠠᠪᠬᠠᠢᠷᠠᠯ ᠪᠣᠯᠣᠨ ᠵᠢᠭᠰᠢᠭᠦᠷᠢᠲᠦ ᠶᠠᠪᠤᠳᠠᠯ ᠤᠨ ᠢᠶᠠᠨ ᠦᠷ᠎ᠡ ᠳᠠᠭᠠᠪᠤᠷᠢ ᠶᠢ ᠡᠭᠦᠷᠴᠡᠢ᠃》 ᠶᠣᠬᠣᠸᠠ ᠠᠢᠯᠠᠳᠴᠤ ᠪᠠᠢᠨ᠎ᠠ᠃
59 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠭᠡᠷ᠎ᠡ ᠶᠢ ᠵᠥᠷᠢᠴᠡᠭᠰᠡᠨ ᠢᠶᠡᠷ ᠢᠶᠠᠨ ᠲᠠᠩ᠋ᠭᠠᠷᠢᠭ ᠢ ᠪᠠᠰᠤᠮᠵᠢᠯᠠᠭᠰᠠᠨ ᠲᠤᠯᠠ ᠪᠢ ᠴᠢᠨᠦ ᠦᠢᠯᠡᠳᠦᠭᠰᠡᠨ ᠦ ᠳᠠᠭᠠᠤ ᠴᠢᠮ᠎ᠠ ᠳᠤ ᠦᠢᠯᠡᠳᠦᠨ᠎ᠡ᠃ 60 ᠬᠠᠷᠢᠨ ᠪᠢ ᠵᠠᠯᠠᠭᠤ ᠨᠠᠰᠤᠨ ᠤ ᠴᠢᠨᠢ ᠡᠳᠦᠷ ᠤᠳ ᠲᠤ ᠴᠢᠮ᠎ᠠ ᠲᠠᠢ ᠪᠠᠢᠭᠤᠯᠤᠭᠰᠠᠨ ᠭᠡᠷ᠎ᠡ ᠪᠡᠨ ᠰᠠᠨᠠᠵᠤ᠂ ᠴᠢᠮ᠎ᠠ ᠲᠠᠢ ᠮᠥᠩᠬᠡ ᠶᠢᠨ ᠭᠡᠷ᠎ᠡ ᠪᠠᠢᠭᠤᠯᠤᠨ᠎ᠠ᠃ 61 ᠪᠢ 8 ᠴᠢᠮ᠎ᠠ ᠲᠠᠢ ᠪᠠᠢᠭᠤᠯᠤᠭᠰᠠᠨ ᠭᠡᠷ᠎ᠡ ᠡᠴᠡ ᠪᠡᠨ ᠭᠠᠳᠠᠭᠤᠷ ᠡᠭᠡᠴᠢ ᠳᠡᠭᠦᠦ ᠶᠢ ᠴᠢᠨᠢ ᠬᠦᠯᠢᠶᠡᠨ ᠠᠪᠴᠤ᠂ ᠴᠢᠮ᠎ᠠ ᠳᠤ ᠥᠬᠢᠳ ᠪᠣᠯᠭᠠᠨ ᠥᠭᠬᠦ ᠳᠦ᠂ ᠴᠢ ᠥᠪᠡᠷ ᠦᠨ ᠢᠶᠠᠨ ᠵᠠᠮ ᠢ ᠰᠠᠨᠠᠵᠤ ᠢᠴᠢᠬᠦ ᠪᠣᠯᠣᠨ᠎ᠠ᠃ 62 ᠡᠢᠨ ᠬᠦ ᠪᠢ ᠴᠢᠮ᠎ᠠ ᠲᠠᠢ ᠳᠠᠬᠢᠨ ᠭᠡᠷ᠎ᠡ ᠪᠠᠢᠭᠤᠯᠬᠤ ᠳᠤ᠂ ᠴᠢ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ 63 ᠪᠢ ᠴᠢᠨᠦ ᠦᠢᠯᠡᠳᠦᠭᠰᠡᠨ ᠪᠦᠬᠦᠨ ᠢ ᠬᠡᠯᠲᠦᠷᠢᠭᠦᠯᠬᠦ ᠳᠦ᠂ ᠴᠢ ᠦᠢᠯᠡᠳᠦᠭᠰᠡᠨ ᠶᠠᠪᠤᠳᠠᠯ ᠢᠶᠠᠨ ᠰᠠᠨᠠᠨ ᠢᠴᠢᠵᠦ᠂ ᠢᠴᠢᠭᠰᠡᠨ ᠳᠡᠭᠡᠨ ᠠᠮᠠ ᠪᠠᠨ ᠴᠤ ᠨᠡᠭᠡᠭᠡᠬᠦ ᠦᠭᠡᠢ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃