ᠡᠽᠧᠺᠢᠶᠧᠯ ᠠᠷᠪᠠᠨ ᠳᠣᠯᠣᠭ᠎ᠠ
ᠬᠣᠶᠠᠷ ᠪᠦᠷᠭᠦᠳ ᠪᠠ ᠦᠵᠦᠮ ᠦᠨ ᠦᠯᠢᠭᠡᠷᠯᠡᠯ
1 ᠶᠣᠬᠣᠸᠠ ᠶᠢᠨ ᠦᠭᠡ ᠨᠠᠳᠠ ᠳᠤ ᠢᠷᠡᠵᠦ᠄ 2 《ᠬᠥᠮᠦᠨ ᠦ ᠬᠦᠦ ᠡ᠂ ᠢᠰᠷᠧᠯ ᠤᠨ ᠭᠡᠷ ᠦᠨ ᠬᠢᠨ ᠢᠶᠠᠷ ᠣᠨᠢᠰᠣᠭ᠎ᠠ ᠲᠠᠭᠠᠯᠭᠠᠵᠤ᠂ ᠲᠡᠳᠡᠨ ᠳᠦ ᠦᠯᠢᠭᠡᠷᠯᠡᠯ ᠢᠶᠡᠷ ᠶᠠᠷᠢ᠄ 3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠣᠮᠣ ᠳᠠᠯᠠᠪᠴᠢ ᠲᠠᠢ᠂ ᠤᠷᠲᠤ ᠵᠢᠭᠦᠷ ᠲᠡᠢ᠂ ᠣᠯᠠᠨ ᠥᠩᠭᠡ ᠶᠢᠨ ᠶᠡᠬᠡ ᠥᠳᠥ ᠲᠠᠢ ᠲᠣᠮᠣ ᠪᠦᠷᠭᠦᠳ ᠯᠧᠪᠠᠨᠣᠨ ᠳᠤ ᠢᠷᠡᠪᠡ᠂ ᠲᠡᠷᠡ ᠪᠡᠷ ᠬᠤᠱᠢ ᠮᠣᠳᠣᠨ ᠤ ᠣᠷᠣᠢ ᠶᠢ ᠪᠠᠷᠢᠵᠤ᠂ 4 ᠬᠠᠮᠤᠭ ᠤᠨ ᠳᠡᠭᠡᠷᠡᠬᠢ ᠰᠠᠯᠠᠭ᠎ᠠ ᠶᠢ ᠨᠢ ᠲᠠᠰᠤᠯᠤᠨ ᠠᠪᠤᠭᠠᠳ ᠲᠡᠭᠦᠨ ᠢ ᠬᠤᠳᠠᠯᠳᠤᠭᠠᠴᠢᠳ ᠤᠨ ᠨᠤᠲᠤᠭ ᠲᠤ ᠠᠪᠠᠴᠢᠨ᠂ ᠮᠠᠢᠮᠠᠢᠴᠢᠳ ᠤᠨ ᠬᠣᠲᠠ ᠳᠤ ᠲᠠᠯᠪᠢᠪᠠ᠃ 5 ᠲᠡᠷᠡ ᠪᠡᠷ ᠲᠠᠨ ᠤ ᠨᠤᠲᠤᠭ ᠠᠴᠠ ᠮᠥᠨ ᠵᠠᠷᠢᠮ ᠦᠷ᠎ᠡ ᠶᠢ ᠠᠪᠴᠤ᠂ ᠲᠡᠭᠦᠨ ᠢ ᠦᠷᠡᠵᠢᠯ ᠰᠢᠮᠡᠲᠡᠢ ᠲᠠᠯᠠᠪᠠᠢ ᠳᠤ ᠤᠳᠠ ᠮᠣᠳᠣ ᠰᠠᠭᠤᠯᠭᠠᠬᠤ ᠮᠡᠲᠦ ᠶᠡᠬᠡ ᠤᠰᠤᠨ ᠤ ᠳᠡᠷᠭᠡᠳᠡ ᠰᠠᠭᠤᠯᠭᠠᠭᠰᠠᠨ ᠳᠤ᠂ 6 ᠨᠠᠬᠢᠶᠠᠯᠠᠵᠤ᠂ ᠨᠠᠮᠬᠠᠨ ᠰᠠᠭᠯᠠᠭᠠᠷ ᠦᠵᠦᠮ ᠦᠨ ᠮᠣᠳᠣ ᠪᠣᠯᠣᠭᠰᠠᠨ ᠪᠥᠭᠡᠳ ᠮᠥᠴᠢᠷ ᠤᠳ ᠨᠢ ᠪᠦᠷᠭᠦᠳ ᠤᠷᠤᠭᠤ ᠬᠠᠨᠳᠤᠨ᠂ ᠦᠨᠳᠦᠰᠦ ᠨᠢ ᠲᠡᠭᠦᠨ ᠦ ᠳᠣᠣᠷ᠎ᠠ ᠦᠯᠡᠳᠡᠪᠡ᠃ ᠡᠢᠨ ᠬᠦ ᠲᠡᠷᠡ ᠦᠵᠦᠮ ᠦᠨ ᠮᠣᠳᠣ ᠪᠣᠯᠵᠤ᠂ ᠰᠠᠯᠠᠭᠠᠯᠠᠵᠤ ᠮᠥᠴᠢᠷᠯᠡᠵᠡᠢ᠃ 7 ᠬᠠᠷᠢᠨ ᠲᠣᠮᠣ ᠳᠠᠯᠠᠪᠴᠢ ᠲᠠᠢ᠂ ᠶᠡᠬᠡ ᠥᠳᠥ ᠲᠠᠢ ᠥᠭᠡᠷ᠎ᠡ ᠨᠢᠭᠡᠨ ᠲᠣᠮᠣ ᠪᠦᠷᠭᠦᠳ ᠪᠠᠢᠪᠠ᠃ ᠬᠠᠷ᠎ᠠ᠂ ᠨᠥᠭᠥᠭᠡ ᠦᠵᠦᠮ ᠦᠨ ᠮᠣᠳᠣ ᠲᠡᠷᠡ ᠪᠦᠷᠭᠦᠳ ᠢᠶᠡᠷ ᠤᠰᠤᠯᠠᠭᠤᠯᠬᠤ ᠶᠢᠨ ᠲᠤᠯᠠᠳᠠ ᠦᠨᠳᠦᠰᠦ ᠪᠡᠨ ᠲᠠᠷᠢᠭᠳᠠᠭᠰᠠᠨ ᠳᠠᠯᠠᠩ ᠠᠴᠠ ᠪᠠᠨ ᠲᠡᠭᠦᠨ ᠵᠦᠭ ᠡᠷᠭᠢᠭᠦᠯᠵᠦ᠂ ᠮᠥᠴᠢᠷ ᠤᠳ ᠢᠶᠠᠨ ᠲᠡᠭᠦᠨ ᠵᠦᠭ ᠰᠤᠩ᠋ᠭᠠᠵᠠᠢ︕ 8 ᠤᠤᠯ ᠨᠢ ᠲᠡᠷᠡ ᠬᠡᠳᠦᠢᠨᠡᠢ ᠶᠡᠬᠡ ᠤᠰᠤᠨ ᠤ ᠳᠡᠷᠭᠡᠳᠡ ᠰᠢᠮᠡᠲᠡᠢ ᠭᠠᠵᠠᠷ ᠲᠤ ᠰᠠᠭᠤᠯᠭᠠᠭᠳᠠᠭᠰᠠᠨ ᠲᠤᠯᠠ ᠲᠡᠨᠳᠡ ᠮᠥᠴᠢᠷ ᠤᠷᠭᠤᠭᠤᠯᠤᠨ᠂ ᠵᠢᠮᠢᠰ ᠭᠠᠷᠭᠠᠵᠤ᠂ ᠢᠷᠠᠭᠤ ᠠᠯᠳᠠᠷᠲᠤ ᠦᠵᠦᠮ ᠦᠨ ᠮᠣᠳᠣ ᠪᠣᠯᠬᠤ ᠪᠠᠢᠭᠰᠠᠨ〉 ᠭᠡᠪᠡ᠃ 9 ᠴᠢ ᠲᠡᠳᠡᠨ ᠳᠦ ᠶᠠᠷᠢ᠄ 〈ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠂ ᠲᠡᠷᠡ ᠮᠣᠳᠣ ᠴᠡᠴᠡᠭᠯᠡᠨ᠎ᠡ ᠭᠡᠵᠢ ᠤᠤ︖ ᠲᠡᠷᠡ ᠪᠦᠷᠭᠦᠳ ᠦᠨᠳᠦᠰᠦ ᠶᠢ ᠨᠢ ᠰᠤᠭᠤᠯᠵᠤ᠂ ᠵᠢᠮᠢᠰ ᠢ ᠨᠢ ᠲᠠᠰᠤᠯᠬᠤ ᠪᠤᠰᠤ ᠤᠤ︖ ᠲᠡᠢᠨ ᠬᠦ ᠦᠵᠦᠮ ᠦᠨ ᠮᠣᠳᠣ ᠬᠠᠲᠠᠵᠤ᠂ ᠪᠦᠬᠦ ᠨᠢᠯᠬ᠎ᠠ ᠨᠠᠪᠴᠢ ᠨᠢ ᠭᠠᠩ᠋ᠳᠠᠬᠤ ᠪᠣᠯᠣᠨ᠎ᠠ︕ ᠲᠡᠭᠦᠨ ᠢ ᠦᠨᠳᠦᠰᠦ ᠪᠡᠷ ᠨᠢ ᠰᠤᠭᠤᠯᠬᠤ ᠳᠤ ᠶᠡᠬᠡ ᠬᠦᠴᠦ᠂ ᠣᠯᠠᠨ ᠬᠥᠮᠦᠨ ᠬᠡᠷᠡᠭ ᠦᠭᠡᠢ᠃ 10 ᠬᠠᠷ᠎ᠠ᠂ ᠲᠡᠷᠡ ᠲᠠᠷᠢᠭᠳᠠᠭᠰᠠᠨ ᠴᠤ ᠴᠡᠴᠡᠭᠯᠡᠨ᠎ᠡ ᠭᠡᠵᠢ ᠤᠤ︖ ᠳᠣᠷᠣᠨ᠎ᠠ ᠶᠢᠨ ᠰᠠᠯᠬᠢ ᠢᠷᠡᠬᠦ ᠳᠦ ᠯᠠ ᠲᠡᠷᠡ ᠤᠷᠭᠤᠭᠰᠠᠨ ᠳᠠᠯᠠᠩ ᠳᠠᠭᠠᠨ ᠪᠦᠷᠢᠮᠦᠰᠦᠨ ᠬᠠᠲᠠᠬᠤ ᠪᠢᠰᠢ ᠤᠤ︖〉》 ᠭᠡᠵᠡᠢ᠃
11 ᠶᠣᠬᠣᠸᠠ ᠶᠢᠨ ᠦᠭᠡ ᠨᠠᠳᠠ ᠳᠤ ᠢᠷᠡᠪᠡ᠄ 12 《ᠲᠡᠷᠰᠯᠡᠭᠦᠦ ᠭᠡᠷ ᠦᠨ ᠬᠢᠨ ᠳᠤ ᠬᠡᠯᠡ᠄ ᠡᠳᠡᠭᠡᠷ ᠵᠦᠢᠯ ᠨᠢ ᠶᠠᠭᠤ ᠪᠣᠯᠬᠤ ᠶᠢ ᠲᠠ ᠨᠠᠷ ᠮᠡᠳᠡᠬᠦ ᠦᠭᠡᠢ ᠭᠡᠵᠢ ᠤᠤ︖ ᠴᠢ ᠲᠡᠳᠡᠨ ᠳᠦ ᠬᠡᠯᠡ᠄ 〈ᠬᠠᠷ᠎ᠠ᠂ ᠪᠠᠪᠢᠯᠣᠨ ᠤ ᠬᠠᠭᠠᠨ ᠶᠧᠷᠦ᠋ᠰᠠᠯᠧᠮ ᠳᠤ ᠣᠴᠢᠵᠤ᠂ ᠬᠠᠭᠠᠨ ᠨᠣᠶᠠᠳ ᠢ ᠨᠢ ᠣᠯᠵᠠᠯᠠᠨ᠂ ᠪᠠᠪᠢᠯᠣᠨ ᠳᠤ ᠠᠪᠠᠴᠢᠪᠠ᠃ 13 ᠲᠡᠷᠡ ᠪᠡᠷ ᠬᠠᠭᠠᠨ ᠤ ᠭᠡᠷ ᠦᠨ ᠬᠢᠨ ᠡᠴᠡ ᠨᠢᠭᠡ ᠶᠢ ᠠᠪᠴᠤ᠂ ᠲᠡᠭᠦᠨ ᠢᠶᠡᠷ ᠲᠠᠩ᠋ᠭᠠᠷᠢᠭᠯᠠᠭᠤᠯᠤᠨ ᠲᠡᠭᠦᠨ ᠲᠡᠢ ᠭᠡᠷ᠎ᠡ ᠪᠠᠢᠭᠤᠯᠵᠠᠢ᠃ ᠡᠢᠨ ᠬᠦ ᠲᠡᠷᠡ ᠪᠡᠷ ᠨᠤᠲᠤᠭ ᠤᠨ ᠬᠢᠨᠢ ᠬᠦᠴᠦ ᠨᠥᠯᠥᠭᠡ ᠲᠠᠢ ᠬᠥᠮᠦᠰ ᠢ ᠠᠪᠴᠢᠷᠠᠭᠰᠠᠨ ᠢᠶᠠᠷ᠂ 14 ᠬᠠᠭᠠᠨᠴᠢᠯᠠᠯ ᠢ ᠨᠢ ᠳᠣᠷᠣᠢᠲᠠᠭᠤᠯᠵᠤ᠂ ᠥᠪᠡᠷ ᠢᠶᠡᠨ ᠪᠣᠰᠴᠤ ᠴᠢᠳᠠᠬᠤ ᠦᠭᠡᠢ᠂ ᠨᠥᠭᠥᠭᠡ ᠭᠡᠷ᠎ᠡ ᠶᠢ ᠨᠢ ᠰᠠᠬᠢᠭᠰᠠᠨ ᠢᠶᠠᠷ ᠯᠠ ᠣᠷᠣᠰᠢᠨ ᠲᠣᠭᠲᠠᠨᠢᠬᠤ ᠳᠤ ᠬᠦᠷᠭᠡᠵᠡᠢ᠃ 15 ᠭᠡᠲᠡᠯ᠎ᠡ ᠨᠥᠭᠥᠭᠡ ᠬᠠᠭᠠᠨ ᠲᠡᠭᠦᠨ ᠡᠴᠡ ᠲᠡᠷᠰᠯᠡᠵᠦ᠂ ᠮᠣᠷᠢᠳ ᠪᠣᠯᠣᠨ ᠣᠯᠠᠨ ᠴᠡᠷᠢᠭ ᠣᠯᠬᠤ ᠪᠠᠷ ᠶᠧᠵᠢᠫᠲ ᠤᠷᠤᠭᠤ ᠡᠯᠴᠢᠳ ᠢᠯᠡᠭᠡᠪᠡ᠃ ᠲᠡᠷᠡ ᠬᠥᠭᠵᠢᠨ ᠴᠡᠴᠡᠭᠯᠡᠬᠦ ᠤᠤ︖ ᠡᠳᠡᠭᠡᠷ ᠢ ᠦᠢᠯᠡᠳᠦᠭᠡᠳ ᠲᠡᠷᠡ ᠠᠶᠤᠯ ᠦᠭᠡᠢ ᠥᠩᠭᠡᠷᠡᠬᠦ ᠤᠤ︖ ᠭᠡᠷ᠎ᠡ ᠶᠢ ᠵᠥᠷᠢᠴᠡᠴᠢᠬᠡᠭᠡᠳ ᠠᠶᠤᠯ ᠦᠭᠡᠢ ᠥᠩᠭᠡᠷᠡᠬᠦ ᠤᠤ︖ 16 ᠪᠠᠪᠢᠯᠣᠨ ᠤ ᠬᠠᠭᠠᠨ ᠲᠡᠭᠦᠨ ᠢ ᠰᠡᠨᠲᠢ ᠳᠤ ᠵᠠᠯᠠᠭᠰᠠᠨ ᠪᠣᠯᠪᠠᠴᠤ ᠲᠡᠷᠡ ᠪᠡᠷ ᠲᠠᠩ᠋ᠭᠠᠷᠢᠭ ᠢ ᠪᠠᠰᠤᠮᠵᠢᠯᠠᠵᠤ᠂ ᠭᠡᠷ᠎ᠡ ᠶᠢ ᠵᠥᠷᠢᠴᠡᠭᠰᠡᠨ ᠤᠴᠢᠷ ᠠᠴᠠ ᠶᠣᠬᠣᠸᠠ ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠷᠡ ᠪᠠᠪᠢᠯᠣᠨ ᠳᠤ ᠲᠡᠭᠦᠨ ᠲᠡᠢ ᠬᠠᠮᠲᠤ ᠪᠠᠢᠭᠰᠠᠨ ᠢᠶᠠᠨ ᠯᠠᠪᠲᠠᠢ ᠪᠠᠪᠢᠯᠣᠨ ᠳᠤ ᠦᠬᠦᠬᠦ ᠪᠣᠯᠣᠨ᠎ᠠ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠃ 17 ᠪᠠᠪᠢᠯᠣᠨᠴᠤᠳ ᠣᠯᠠᠨ ᠠᠮᠢ ᠶᠢ ᠲᠠᠰᠤᠯᠬᠤ ᠪᠠᠷ ᠪᠦᠰᠡᠯᠡᠯᠲᠡ ᠪᠣᠰᠬᠠᠨ᠂ ᠪᠡᠬᠢᠯᠡᠯᠲᠡ ᠪᠠᠷᠢᠬᠤ ᠪᠣᠯᠣᠨ᠎ᠠ᠃ ᠬᠠᠷᠢᠨ ᠬᠦᠴᠦᠷᠬᠡᠭ ᠴᠡᠷᠢᠭ᠂ ᠣᠯᠠᠨ ᠳᠠᠢᠴᠢᠨ ᠲᠠᠢ ᠹᠠᠷᠠᠣ᠋ ᠳᠠᠢᠨ ᠤ ᠦᠶ᠎ᠡ ᠳᠦᠨᠢ ᠢᠰᠷᠧᠯ ᠢ ᠲᠤᠰᠠᠯᠠᠬᠤ ᠦᠭᠡᠢ᠃ 18 ᠨᠥᠭᠥᠭᠡ ᠬᠠᠭᠠᠨ ᠲᠠᠩ᠋ᠭᠠᠷᠢᠭ ᠢ ᠪᠠᠰᠤᠮᠵᠢᠯᠠᠵᠤ᠂ ᠭᠡᠷ᠎ᠡ ᠶᠢ ᠵᠥᠷᠢᠴᠡᠭᠰᠡᠨ᠃ ᠲᠡᠷᠡ ᠭᠠᠷ ᠲᠠᠯᠪᠢᠵᠤ ᠠᠮᠠᠯᠠᠭᠰᠠᠨ ᠬᠣᠢᠨ᠎ᠠ ᠪᠠᠨ ᠡᠨᠡ ᠪᠦᠬᠦᠨ ᠢ ᠦᠢᠯᠡᠳᠦᠭᠰᠡᠨ ᠲᠤᠯᠠ ᠠᠶᠤᠯ ᠦᠭᠡᠢ ᠥᠩᠭᠡᠷᠡᠬᠦ ᠦᠭᠡᠢ》 ᠭᠡᠪᠡ᠃ 19 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠮᠢᠨᠦ ᠲᠠᠩ᠋ᠭᠠᠷᠢᠭ ᠢ ᠪᠠᠰᠤᠮᠵᠢᠯᠠᠵᠤ᠂ ᠮᠢᠨᠦ ᠭᠡᠷ᠎ᠡ ᠶᠢ ᠵᠥᠷᠢᠴᠡᠭᠰᠡᠨ ᠦ ᠬᠢᠨᠢ ᠦᠷ᠎ᠡ ᠳᠠᠭᠠᠪᠤᠷᠢ ᠶᠢ ᠪᠢ ᠲᠡᠭᠦᠨ ᠦ ᠲᠣᠯᠣᠭᠠᠢ ᠳᠡᠭᠡᠷ᠎ᠡ ᠠᠪᠴᠢᠷᠠᠨ᠎ᠠ᠃ 20 ᠪᠢ ᠲᠡᠭᠦᠨ ᠦ ᠳᠡᠭᠡᠷ᠎ᠡ ᠲᠣᠣᠷ ᠢᠶᠠᠨ ᠬᠠᠶᠠᠵᠤ᠂ ᠲᠡᠷᠡ ᠮᠢᠨᠦ ᠲᠣᠣᠷ ᠲᠤ ᠪᠠᠷᠢᠭᠳᠠᠬᠤ ᠪᠣᠯᠣᠨ᠎ᠠ᠃ ᠪᠢ ᠲᠡᠭᠦᠨ ᠢ ᠪᠠᠪᠢᠯᠣᠨ ᠤᠷᠤᠭᠤ ᠠᠪᠠᠴᠢᠨ᠂ ᠨᠠᠳᠠ ᠠᠴᠠ ᠤᠷᠪᠠᠭᠰᠠᠨ ᠬᠡᠷᠡᠭ ᠢ ᠨᠢ ᠲᠡᠨᠳᠡ ᠰᠢᠭᠦᠬᠦ ᠪᠣᠯᠣᠨ᠎ᠠ᠃ 21 ᠲᠡᠭᠦᠨ ᠦ ᠴᠡᠷᠢᠭ ᠤᠨ ᠳᠣᠲᠣᠷᠠᠬᠢ ᠰᠢᠯᠢᠳᠡᠭ ᠡᠷᠡᠴᠦᠦᠯ ᠢᠯᠳᠦᠨ ᠳᠦ ᠤᠨᠠᠵᠤ᠂ ᠦᠯᠡᠳᠡᠭᠰᠡᠳ ᠨᠢ ᠵᠦᠭ ᠪᠦᠷᠢ ᠳᠤ ᠪᠤᠲᠠᠷᠠᠨ᠎ᠠ᠃ ᠶᠣᠬᠣᠸᠠ ᠪᠢ ᠡᠳᠡᠭᠡᠷ ᠢ ᠠᠢᠯᠠᠳᠤᠭᠰᠠᠨ ᠢ ᠲᠠ ᠨᠠᠷ ᠲᠡᠷᠡ ᠦᠶ᠎ᠡ ᠳᠦ ᠮᠡᠳᠡᠬᠦ ᠪᠣᠯᠣᠨ᠎ᠠ᠃》
22 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠥᠪᠡᠷ ᠢᠶᠡᠨ ᠬᠤᠱᠢ ᠮᠣᠳᠣᠨ ᠤ ᠣᠷᠣᠢ ᠠᠴᠠ ᠰᠠᠯᠠᠭ᠎ᠠ ᠠᠪᠴᠤ᠂ ᠲᠡᠭᠦᠨ ᠢ ᠲᠠᠷᠢᠬᠤ ᠪᠣᠯᠣᠨ᠎ᠠ᠃ ᠪᠢ ᠣᠷᠣᠢ ᠶᠢᠨ ᠰᠠᠯᠠᠭ᠎ᠠ ᠨᠤᠭᠤᠳ ᠠᠴᠠ ᠨᠢ ᠵᠥᠭᠡᠯᠡᠨ ᠮᠥᠴᠢᠷ ᠢ ᠲᠠᠰᠤᠯᠤᠨ᠂ ᠰᠦᠷᠯᠢᠭ ᠥᠨᠳᠥᠷ ᠠᠭᠤᠯᠠᠨ ᠳᠡᠭᠡᠷ᠎ᠡ ᠰᠠᠭᠤᠯᠭᠠᠨ᠎ᠠ᠂ 23 ᠢᠰᠷᠧᠯ ᠤᠨ ᠥᠨᠳᠥᠷ ᠠᠭᠤᠯᠠᠨ ᠳᠤ ᠪᠢ ᠲᠡᠭᠦᠨ ᠢ ᠰᠠᠭᠤᠯᠭᠠᠨ᠎ᠠ᠃ ᠲᠡᠷᠡ ᠮᠥᠴᠢᠷ ᠤᠷᠭᠤᠭᠤᠯᠵᠤ᠂ ᠵᠢᠮᠢᠰ ᠭᠠᠷᠭᠠᠨ᠂ ᠢᠷᠠᠭᠤ ᠠᠯᠳᠠᠷᠲᠤ ᠬᠤᠱᠢ ᠮᠣᠳᠣ ᠪᠣᠯᠣᠨ᠎ᠠ᠃ ᠲᠥᠷᠥᠯ ᠪᠦᠷᠢ ᠶᠢᠨ ᠰᠢᠪᠠᠭᠤᠳ ᠲᠡᠭᠦᠨ ᠳᠡᠭᠡᠷ᠎ᠡ ᠡᠭᠦᠷᠯᠡᠵᠦ᠂ ᠮᠥᠴᠢᠷ ᠤᠳ ᠤᠨ ᠬᠢᠨᠢ ᠰᠡᠭᠦᠳᠡᠷ ᠲᠦ ᠰᠠᠭᠤᠨ᠎ᠠ᠃ 24 ᠲᠡᠢᠨ ᠬᠦ ᠬᠡᠭᠡᠷ᠎ᠡ ᠶᠢᠨ ᠪᠦᠬᠦ ᠮᠣᠳᠣ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃ ᠪᠢ ᠥᠨᠳᠥᠷ ᠮᠣᠳᠣ ᠶᠢ ᠨᠠᠮᠬᠠᠨ ᠪᠣᠯᠭᠠᠵᠤ᠂ ᠨᠠᠮᠬᠠᠨ ᠮᠣᠳᠣ ᠶᠢ ᠥᠨᠳᠥᠷ ᠪᠣᠯᠭᠠᠵᠤ᠂ ᠨᠣᠭᠣᠭᠠᠨ ᠮᠣᠳᠣ ᠶᠢ ᠬᠤᠪᠠᠬᠠᠢᠷᠠᠭᠤᠯᠵᠤ᠂ ᠬᠤᠪᠠᠬᠠᠢᠷᠠᠭᠰᠠᠨ ᠮᠣᠳᠣ ᠶᠢ ᠨᠣᠭᠣᠭᠠᠷᠠᠭᠤᠯᠤᠨᠠ᠃ ᠶᠣᠬᠣᠸᠠ ᠪᠢ ᠠᠢᠯᠠᠳᠤᠭᠰᠠᠨ᠂ ᠪᠢ ᠪᠡᠶᠡᠯᠡᠭᠦᠯᠦᠨ᠎ᠡ᠃》