1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠭᠤᠴᠢᠨ ᠨᠢᠭᠡ
 ᠬᠤᠱᠢ ᠶᠢᠨ ᠦᠯᠢᠭᠡᠷᠯᠡᠯ

1 ᠠᠷᠪᠠᠨ ᠨᠢᠭᠡᠳᠡᠬᠢ ᠣᠨ ᠤ ᠭᠤᠷᠪᠠᠳᠤᠭᠠᠷ ᠰᠠᠷ᠎ᠠ ᠶᠢᠨ ᠨᠢᠭᠡᠨ ᠳᠦ᠂ ᠶᠣᠬᠣᠸᠠ ᠶᠢᠨ ᠦᠭᠡ ᠨᠠᠳᠠ ᠳᠤ ᠢᠷᠡᠪᠡ᠄
2 《ᠬᠥᠮᠦᠨ ᠦ ᠬᠦᠦ ᠡ᠂ ᠶᠧᠵᠢᠫᠲ ᠤᠨ ᠬᠠᠭᠠᠨ ᠹᠠᠷᠠᠣ᠋ ᠪᠣᠯᠣᠨ ᠲᠡᠭᠦᠨ ᠦ ᠣᠯᠠᠨ ᠲᠦᠮᠡᠨ ᠳᠦ ᠶᠠᠷᠢ᠄ 〈ᠢᠷᠠᠭᠤ ᠠᠯᠳᠠᠷ ᠢᠶᠠᠷ ᠬᠡᠨ ᠴᠢᠮ᠎ᠠ ᠲᠠᠢ ᠵᠡᠷᠭᠡᠴᠡᠬᠦ ᠪᠤᠢ︖
3 ᠠᠰᠢᠷᠢᠶ᠎ᠠ ᠶᠢ ᠬᠠᠷᠠ᠂ ᠲᠡᠷᠡ ᠯᠧᠪᠠᠨᠣᠨ ᠤ ᠬᠤᠱᠢ ᠪᠠᠢᠭᠰᠠᠨ ᠣᠢ ᠮᠣᠳᠣ ᠶᠢ ᠰᠡᠭᠦᠳᠡᠷᠯᠡᠭᠦᠯᠳᠡᠭ᠌ ᠰᠠᠢᠬᠠᠨ ᠮᠥᠴᠢᠷ ᠤᠳ ᠲᠠᠢ ᠣᠷᠣᠢ ᠨᠢ ᠡᠭᠦᠯᠡᠨ ᠳᠦ ᠲᠤᠯᠤᠮ᠎ᠠ ᠥᠨᠳᠥᠷ᠂
4 ᠤᠷᠤᠰᠬᠠᠯ ᠤᠳ ᠲᠡᠭᠦᠨ ᠦ ᠰᠠᠭᠤᠷᠢ ᠶᠢ ᠬᠦᠷᠢᠶᠡᠯᠡᠵᠦ ᠣᠢ ᠶᠢᠨ ᠪᠦᠬᠦ ᠮᠣᠳᠣ ᠤᠷᠤᠭᠤ ᠰᠠᠯᠪᠤᠷᠢᠯᠠᠨ ᠤᠷᠤᠰᠳᠠᠭ ᠪᠠᠢᠪᠠ᠃
5 ᠶᠡᠬᠡ ᠤᠰᠤ ᠲᠠᠢ ᠤᠴᠢᠷ ᠠᠴᠠ ᠲᠡᠷᠡ ᠲᠠᠯ᠎ᠠ ᠶᠢᠨ ᠪᠤᠰᠤᠳ ᠮᠣᠳᠣᠳ ᠠᠴᠠ ᠥᠨᠳᠥᠷ ᠪᠣᠯᠵᠤ ᠰᠠᠯᠠᠭ᠎ᠠ ᠨᠢ ᠣᠯᠠᠰᠢᠷᠠᠵᠤ ᠮᠥᠴᠢᠷ ᠤᠳ ᠨᠢ ᠤᠷᠲᠤᠰᠪᠠ᠃
6 ᠰᠠᠯᠠᠭᠠᠨ ᠳᠤᠨᠢ ᠣᠭᠲᠠᠷᠭᠤᠢ ᠶᠢᠨ ᠪᠦᠬᠦ ᠰᠢᠪᠠᠭᠤ ᠡᠭᠦᠷᠯᠡᠵᠦ ᠮᠥᠴᠢᠷ ᠤᠳ ᠤᠨ ᠬᠢᠨᠢ ᠳᠣᠣᠷ᠎ᠠ ᠬᠡᠭᠡᠷ᠎ᠡ ᠶᠢᠨ ᠪᠦᠬᠦ ᠠᠷᠢᠶᠠᠲᠠᠨ ᠦᠷᠡᠵᠢᠨ ᠰᠡᠭᠦᠳᠡᠷ ᠲᠤᠨᠢ ᠪᠦᠬᠦ ᠬᠦᠴᠦᠲᠦ ᠭᠦᠷᠦᠨ ᠰᠠᠭᠤᠵᠠᠭᠠᠪᠠ᠃
7 ᠦᠨᠳᠦᠰᠦ ᠨᠢ ᠶᠡᠬᠡ ᠤᠰᠤᠨ ᠳᠤ ᠬᠦᠷᠦᠭᠰᠡᠨ ᠤᠴᠢᠷ ᠠᠴᠠ ᠮᠣᠳᠣ ᠨᠢ ᠲᠣᠮᠣ᠂ ᠮᠥᠴᠢᠷ ᠤᠳ ᠨᠢ ᠤᠷᠲᠤ᠂ ᠦᠵᠡᠰᠬᠦᠯᠡᠩ ᠲᠡᠢ ᠪᠠᠢᠯ᠎ᠠ
8 ᠪᠤᠷᠬᠠᠨ ᠤ ᠴᠡᠴᠡᠷᠯᠢᠭ ᠤᠨ ᠬᠤᠱᠢ ᠨᠤᠭᠤᠳ ᠴᠤ ᠲᠡᠭᠦᠨ ᠡᠴᠡ ᠳᠠᠪᠠᠬᠤ ᠦᠭᠡᠢ ᠨᠠᠷᠠᠰᠤ ᠨᠤᠭᠤᠳ ᠴᠤ ᠲᠡᠭᠦᠨ ᠦ ᠰᠠᠯᠠᠭ᠎ᠠ ᠨᠤᠭᠤᠳ ᠲᠠᠢ ᠬᠠᠷᠢᠴᠠᠭᠤᠯᠤᠰᠢ ᠦᠭᠡᠢ ᠠᠭᠠᠷᠤ ᠮᠣᠳᠣ ᠴᠤ ᠲᠡᠭᠦᠨ ᠦ ᠮᠥᠴᠢᠷ ᠤᠳ ᠲᠠᠢ ᠠᠳᠠᠯᠢᠳᠬᠠᠰᠢ ᠦᠭᠡᠢ ᠪᠤᠷᠬᠠᠨ ᠤ ᠴᠡᠴᠡᠷᠯᠢᠭ ᠤᠨ ᠠᠯᠢ ᠴᠤ ᠮᠣᠳᠣ ᠭᠤᠸ᠎ᠠ ᠰᠠᠢᠬᠠᠨ ᠢᠶᠠᠷ ᠢᠶᠠᠨ ᠲᠡᠭᠦᠨ ᠲᠡᠢ ᠬᠠᠷᠢᠴᠠᠭᠤᠯᠤᠰᠢ ᠦᠭᠡᠢ ᠪᠠᠢᠪᠠ᠃
9 ᠪᠢ ᠮᠥᠴᠢᠷ ᠢ ᠨᠢ ᠣᠯᠠᠰᠢᠷᠠᠭᠤᠯᠵᠤ᠂ ᠲᠡᠭᠦᠨ ᠢ ᠦᠵᠡᠰᠬᠦᠯᠡᠩ ᠲᠡᠢ ᠪᠣᠯᠭᠠᠬᠤ ᠳᠤ ᠪᠤᠷᠬᠠᠨ ᠤ ᠴᠡᠴᠡᠷᠯᠢᠭ ᠪᠣᠯᠬᠤ ᠡᠳᠧᠨ ᠤ ᠬᠠᠮᠤᠭ ᠮᠣᠳᠣ ᠲᠡᠭᠦᠨ ᠲᠡᠢ ᠠᠲᠠᠭᠠᠷᠬᠠᠪᠠ᠃〉》

10 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠡᠷᠡ ᠪᠡᠷ ᠥᠨᠳᠥᠷ ᠪᠣᠯᠵᠤ᠂ ᠣᠷᠣᠢ ᠨᠢ ᠡᠭᠦᠯᠡᠨ ᠳᠦ ᠲᠤᠯᠬᠤ ᠳᠤ᠂ ᠲᠡᠭᠦᠨ ᠦ ᠰᠡᠳᠬᠢᠯ ᠥᠨᠳᠥᠷ ᠢᠶᠡᠷ ᠢᠶᠠᠨ ᠪᠠᠷᠳᠠᠮᠨᠠᠭᠰᠠᠨ᠃ 11 ᠲᠡᠢᠮᠦ ᠡᠴᠡ ᠪᠢ ᠦᠨᠳᠦᠰᠦᠲᠡᠨ ᠨᠦᠭᠦᠳ ᠦᠨ ᠬᠦᠴᠦᠲᠡᠨ ᠦ ᠭᠠᠷ ᠲᠤ ᠲᠡᠭᠦᠨ ᠢ ᠲᠤᠰᠢᠶᠠᠭᠰᠠᠨ᠂ ᠲᠡᠷᠡ ᠬᠣᠷᠣᠨ ᠮᠠᠭᠤ ᠦᠢᠯᠡᠰ ᠦᠨ ᠬᠢᠨᠢ ᠳᠠᠭᠠᠤ ᠲᠡᠭᠦᠨ ᠳᠦ ᠭᠦᠢᠴᠡᠳ ᠦᠢᠯᠡᠳᠦᠭᠰᠡᠨ᠂ ᠪᠢ ᠲᠡᠭᠦᠨ ᠢ ᠬᠥᠭᠡᠭᠡᠭᠰᠡᠨ᠃ 12 ᠬᠠᠷᠢ ᠦᠨᠳᠦᠰᠦᠲᠡᠨ ᠨᠦᠭᠦᠳ ᠦᠨ ᠬᠠᠮᠤᠭ ᠤᠨ ᠬᠡᠷᠴᠡᠭᠡᠢ ᠨᠢ ᠲᠡᠭᠦᠨ ᠢ ᠲᠠᠰᠤᠯᠤᠨ ᠬᠠᠶᠠᠪᠠ᠃ ᠰᠠᠯᠠᠭ᠎ᠠ ᠨᠤᠭᠤᠳ ᠨᠢ ᠬᠠᠮᠤᠭ ᠠᠭᠤᠯᠠ ᠬᠥᠨᠳᠡᠢ ᠪᠠᠷ ᠤᠨᠠᠨ᠂ ᠮᠥᠴᠢᠷ ᠤᠳ ᠨᠢ ᠭᠠᠵᠠᠷ ᠤᠨ ᠬᠠᠮᠤᠭ ᠭᠣᠷᠣᠬ᠎ᠠ ᠶᠢᠨ ᠳᠡᠷᠭᠡᠳᠡ ᠬᠤᠭᠤᠯᠤᠭᠳᠠᠵᠠᠢ᠃ ᠭᠠᠵᠠᠷ ᠤᠨ ᠬᠠᠮᠤᠭ ᠦᠨᠳᠦᠰᠦᠲᠡᠨ ᠡᠨᠡ ᠮᠣᠳᠣᠨ ᠤ ᠰᠡᠭᠦᠳᠡᠷ ᠳᠣᠣᠷ᠎ᠠ ᠠᠴᠠ ᠭᠠᠷᠴᠤ᠂ ᠲᠡᠭᠦᠨ ᠢ ᠣᠷᠬᠢᠪᠠ᠂ 13 ᠣᠭᠲᠠᠷᠭᠤᠢ ᠶᠢᠨ ᠬᠠᠮᠤᠭ ᠰᠢᠪᠠᠭᠤ ᠬᠤᠭᠤᠷᠬᠠᠢ ᠳᠡᠭᠡᠷ᠎ᠡ ᠨᠢ ᠦᠯᠡᠳᠡᠵᠦ᠂ ᠬᠡᠭᠡᠷ᠎ᠡ ᠶᠢᠨ ᠪᠦᠬᠦ ᠠᠷᠢᠶᠠᠲᠠᠨ ᠤᠨᠠᠭᠰᠠᠨ ᠰᠠᠯᠠᠭᠠᠨ ᠳᠡᠭᠡᠷ᠎ᠡ ᠨᠢ ᠪᠠᠢᠪᠠ᠃ 14 ᠲᠡᠢᠨ ᠬᠦ ᠤᠰᠤᠨ ᠤ ᠳᠡᠷᠭᠡᠳᠡᠬᠢ ᠪᠤᠰᠤᠳ ᠮᠣᠳᠣᠳ ᠣᠷᠣᠢ ᠪᠠᠨ ᠡᠭᠦᠯᠡᠨ ᠳᠦ ᠲᠤᠯᠭᠠᠬᠤ ᠦᠭᠡᠢ᠂ ᠥᠨᠳᠥᠷ ᠢᠶᠡᠷ ᠢᠶᠠᠨ ᠪᠠᠷᠳᠠᠮᠨᠠᠬᠤ ᠦᠭᠡᠢ᠂ ᠰᠠᠢᠲᠤᠷ ᠤᠰᠤᠯᠠᠭᠳᠠᠳᠠᠭ ᠥᠭᠡᠷ᠎ᠡ ᠮᠣᠳᠣ ᠴᠤ ᠲᠡᠢᠮᠦ ᠥᠨᠳᠥᠷ ᠪᠣᠯᠬᠤ ᠦᠭᠡᠢ᠃ ᠤᠴᠢᠷ ᠨᠢ ᠲᠡᠳᠡ ᠨᠦᠬᠡ ᠤᠷᠤᠭᠤ ᠪᠠᠭᠤᠬᠤ ᠬᠥᠮᠦᠰ ᠲᠡᠢ ᠬᠠᠮᠲᠤ ᠪᠠᠷ ᠪᠦᠭᠦᠳᠡ ᠦᠬᠦᠯ ᠳᠦ᠂ ᠳᠣᠣᠷᠠᠬᠢ ᠭᠠᠵᠠᠷ ᠤᠷᠤᠭᠤ ᠲᠤᠰᠢᠶᠠᠭᠳᠠᠭᠰᠠᠨ ᠪᠢᠯᠡ᠃》

15 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠤᠱᠢ ᠮᠣᠳᠣ ᠦᠬᠦᠭᠰᠡᠳ ᠦᠨ ᠣᠷᠣᠨ ᠳᠤ ᠤᠨᠠᠬᠤ ᠡᠳᠦᠷ ᠪᠢ ᠭᠦᠨ ᠤᠰᠤ ᠶᠢ ᠪᠢᠲᠡᠭᠦᠮᠵᠢᠯᠡᠵᠦ᠂ ᠤᠷᠤᠰᠬᠠᠯ ᠢ ᠨᠢ ᠬᠠᠭᠠᠵᠤ᠂ ᠶᠡᠬᠡ ᠤᠰᠤ ᠶᠢ ᠨᠢ ᠵᠣᠭᠰᠣᠭᠠᠭᠰᠠᠨ᠃ ᠲᠡᠭᠦᠨ ᠦ ᠲᠥᠯᠥᠭᠡ ᠪᠢ ᠯᠧᠪᠠᠨᠣᠨ ᠢ ᠬᠠᠷᠠᠩ᠋ᠭᠤᠢᠯᠠᠭᠤᠯᠵᠤ᠂ ᠬᠡᠭᠡᠷ᠎ᠡ ᠲᠠᠯ᠎ᠠ ᠶᠢᠨ ᠬᠠᠮᠤᠭ ᠮᠣᠳᠣ ᠶᠢ ᠬᠠᠲᠠᠭᠠᠨ᠎ᠠ᠃ 16 ᠪᠢ ᠲᠡᠭᠦᠨ ᠢ ᠨᠦᠬᠡᠨ ᠳᠦ ᠤᠨᠠᠭᠰᠠᠳ ᠲᠠᠢ ᠬᠠᠮᠲᠤ ᠦᠬᠦᠭᠰᠡᠳ ᠦᠨ ᠣᠷᠣᠨ ᠤᠷᠤᠭᠤ ᠬᠠᠶᠠᠬᠤ ᠳᠠᠭᠠᠨ ᠲᠡᠭᠦᠨ ᠦ ᠤᠨᠠᠬᠤ ᠳᠠᠭᠤ ᠪᠠᠷ ᠦᠨᠳᠦᠰᠦᠲᠡᠨ ᠨᠦᠭᠦᠳ ᠢ ᠴᠡᠴᠡᠷᠡᠭᠦᠯᠪᠡ᠃ ᠲᠡᠭᠡᠬᠦ ᠳᠦ᠂ ᠡᠳᠧᠨ ᠤ ᠰᠠᠢᠨ ᠤᠰᠤᠯᠠᠭᠳᠠᠳᠠᠭ ᠬᠠᠮᠤᠭ ᠮᠣᠳᠣ᠂ ᠯᠧᠪᠠᠨᠣᠨ ᠤ ᠰᠢᠯᠢᠮᠡᠯ ᠰᠠᠢᠨ ᠮᠣᠳᠣᠳ ᠭᠠᠵᠠᠷ ᠳᠣᠣᠷ᠎ᠠ ᠲᠠᠢᠳᠬᠤᠷᠠᠪᠠ᠃ 17 ᠬᠤᠱᠢ ᠮᠣᠳᠣᠨ ᠤ ᠰᠡᠭᠦᠳᠡᠷ ᠲᠦ ᠰᠠᠭᠤᠵᠤ ᠪᠠᠢᠭᠰᠠᠨ ᠬᠣᠯᠪᠣᠭᠠᠲᠠᠨ ᠦᠨᠳᠦᠰᠦᠲᠡᠨ ᠨᠦᠭᠦᠳ ᠨᠢ ᠴᠤ ᠲᠡᠭᠦᠨ ᠲᠡᠢ ᠬᠠᠮᠲᠤ ᠦᠬᠦᠭᠰᠡᠳ ᠦᠨ ᠣᠷᠣᠨ ᠤᠷᠤᠭᠤ ᠤᠨᠠᠵᠤ᠂ ᠢᠯᠳᠦᠨ ᠳᠦ ᠠᠯᠠᠭᠳᠠᠭᠰᠠᠳ ᠤᠷᠤᠭᠤ ᠣᠴᠢᠭᠰᠠᠨ ᠪᠢᠯᠡ᠃ 18 ᠡᠳᠧᠨ ᠤ ᠮᠣᠳᠣᠳ ᠤᠨ ᠳᠤᠮᠳᠠ ᠠᠴᠠ ᠠᠯᠢ ᠮᠣᠳᠣ ᠨᠢ ᠰᠦᠷ ᠪᠠ ᠵᠢᠪᠬᠤᠯᠠᠩ ᠤᠨ ᠲᠠᠯ᠎ᠠ ᠪᠠᠷ ᠴᠢᠮ᠎ᠠ ᠲᠠᠢ ᠠᠳᠠᠯᠢ ᠪᠠᠢᠪᠠ︖ ᠬᠠᠷᠢᠨ ᠴᠢ ᠪᠠᠰᠠ ᠡᠳᠧᠨ ᠤ ᠮᠣᠳᠣᠳ ᠲᠠᠢ ᠬᠠᠮᠲᠤ ᠭᠠᠵᠠᠷ ᠤᠨ ᠳᠣᠣᠷ᠎ᠠ ᠤᠨᠠᠵᠤ᠂ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠦᠨ ᠳᠤᠮᠳᠠ᠂ ᠢᠯᠳᠦᠨ ᠳᠦ ᠠᠯᠠᠭᠳᠠᠭᠰᠠᠳ ᠲᠠᠢ ᠬᠠᠮᠲᠤ ᠲᠡᠨᠳᠡ ᠬᠡᠪᠲᠡᠬᠦ ᠪᠣᠯᠣᠨ᠎ᠠ᠃ ᠹᠠᠷᠠᠣ᠋ ᠪᠣᠯᠣᠨ ᠲᠡᠭᠦᠨ ᠦ ᠬᠠᠮᠤᠭ ᠣᠯᠠᠨ ᠲᠦᠮᠡᠨ ᠲᠡᠢᠮᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃