ᠡᠽᠧᠺᠢᠶᠧᠯ ᠭᠤᠴᠢᠨ ᠬᠣᠶᠠᠷ
ᠹᠠᠷᠠᠣ᠋ ᠶᠢᠨ ᠲᠤᠬᠠᠢ ᠭᠠᠰᠢᠭᠤᠳᠠᠯ
1 ᠠᠷᠪᠠᠨ ᠬᠣᠶᠠᠳᠤᠭᠠᠷ ᠣᠨ ᠤ ᠠᠷᠪᠠᠨ ᠬᠣᠶᠠᠳᠤᠭᠠᠷ ᠰᠠᠷ᠎ᠠ ᠶᠢᠨ ᠨᠢᠭᠡᠨ ᠳᠦ᠂ ᠶᠣᠬᠣᠸᠠ ᠶᠢᠨ ᠦᠭᠡ ᠨᠠᠳᠠ ᠳᠤ ᠢᠷᠡᠪᠡ᠄
2 《ᠬᠥᠮᠦᠨ ᠦ ᠬᠦᠦ ᠡ᠂ ᠶᠧᠵᠢᠫᠲ ᠤᠨ ᠬᠠᠭᠠᠨ ᠹᠠᠷᠠᠣ᠋ ᠶᠢᠨ ᠲᠥᠯᠥᠭᠡ ᠭᠠᠰᠢᠭᠤᠳᠠᠯ ᠤᠨ ᠳᠠᠭᠤᠤ ᠵᠣᠬᠢᠶᠠᠨ᠂ ᠲᠡᠭᠦᠨ ᠳᠦ ᠶᠠᠷᠢ᠄ 〈ᠴᠢ ᠥᠪᠡᠷ ᠢ ᠪᠠᠨ ᠦᠨᠳᠦᠰᠦᠲᠡᠨ ᠨᠦᠭᠦᠳ ᠦᠨ ᠳᠤᠮᠳᠠᠬᠢ ᠠᠷᠰᠯᠠᠨ ᠲᠠᠢ ᠠᠳᠠᠯᠢᠳᠬᠠᠳᠠᠭ ᠪᠣᠯᠪᠠᠴᠤ ᠴᠢ ᠳᠠᠯᠠᠢ ᠶᠢᠨ ᠮᠠᠲᠠᠷ ᠲᠠᠢ ᠠᠳᠠᠯᠢ ᠶᠤᠮ ᠮᠥᠷᠡᠨ ᠡᠴᠡ ᠪᠡᠨ ᠦᠰᠦᠷᠦᠨ ᠭᠠᠷᠬᠤ ᠳᠠᠭᠠᠨ᠂ ᠬᠥᠯ ᠢᠶᠡᠷ ᠢᠶᠠᠨ ᠤᠰᠤ ᠶᠢ ᠪᠤᠯᠠᠩ᠋ᠭᠢᠷᠲᠤᠭᠤᠯᠵᠤ ᠮᠥᠷᠡᠨ ᠢ ᠪᠣᠬᠢᠷᠲᠣᠭᠤᠯᠤᠭᠰᠠᠨ᠃〉》
3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠣᠯᠠᠨ ᠦᠨᠳᠦᠰᠦᠲᠡᠨ ᠦ ᠬᠠᠮᠲᠤ ᠴᠢᠨᠦ ᠳᠡᠭᠡᠷ᠎ᠡ ᠲᠣᠣᠷ ᠬᠠᠶᠠᠵᠤ ᠲᠡᠳᠡ ᠴᠢᠮᠠᠶᠢ ᠲᠣᠣᠷ ᠢᠶᠠᠷ ᠮᠢᠨᠢ ᠳᠡᠭᠡᠭᠰᠢ ᠲᠠᠲᠠᠪᠠᠯ
4 ᠪᠢ ᠴᠢᠮᠠᠶᠢ ᠭᠠᠵᠠᠷ ᠲᠤ ᠬᠠᠶᠠᠨ᠎ᠠ᠂ ᠪᠢ ᠴᠢᠮᠠᠶᠢ ᠬᠡᠭᠡᠷ᠎ᠡ ᠲᠠᠯ᠎ᠠ ᠤᠷᠤᠭᠤ ᠴᠢᠯᠠᠭᠤᠳᠠᠵᠤ ᠲᠩᠷᠢ ᠶᠢᠨ ᠪᠦᠬᠦ ᠰᠢᠪᠠᠭᠤ ᠶᠢ ᠴᠢᠮ᠎ᠠ ᠳᠡᠭᠡᠷ᠎ᠡ ᠰᠠᠭᠤᠯᠭᠠᠨ ᠭᠠᠵᠠᠷ ᠤᠨ ᠪᠦᠬᠦ ᠠᠷᠢᠶᠠᠲᠠᠨ ᠢ ᠴᠢᠮ᠎ᠠ ᠪᠠᠷ ᠴᠠᠳᠬᠠᠨ᠎ᠠ᠃
5 ᠮᠢᠬ᠎ᠠ ᠶᠢ ᠴᠢᠨᠢ ᠪᠢ ᠠᠭᠤᠯᠠᠰ ᠤᠨ ᠳᠡᠭᠡᠷ᠎ᠡ ᠲᠠᠷᠬᠠᠭᠠᠨ ᠬᠠᠶᠠᠵᠤ ᠬᠡᠭᠦᠷ ᠢᠶᠡᠷ ᠴᠢᠨᠢ ᠬᠥᠨᠳᠡᠢ ᠶᠢ ᠳᠦᠭᠦᠷᠭᠡᠨ
6 ᠤᠷᠤᠰᠬᠤ ᠴᠢᠰᠤ ᠪᠠᠷ ᠴᠢᠨᠢ ᠭᠠᠵᠠᠷ ᠢ ᠤᠮᠳᠠᠯᠠᠵᠤ ᠠᠭᠤᠯᠠᠰ ᠢ ᠨᠣᠷᠭᠠᠨ ᠭᠣᠷᠣᠬ᠎ᠠ ᠶᠢ ᠳᠦᠭᠦᠷᠭᠡᠨ᠎ᠡ᠃
7 ᠪᠢ ᠴᠢᠮᠠᠶᠢ ᠮᠥᠬᠥᠭᠡᠬᠦ ᠳᠡᠭᠡᠨ ᠲᠩᠷᠢ ᠶᠢ ᠬᠠᠯᠬᠠᠯᠠᠵᠤ᠂ ᠣᠳᠣᠳ ᠢ ᠨᠢ ᠬᠠᠷᠠᠩ᠋ᠭᠤᠢᠯᠠᠭᠤᠯᠤᠨᠠ ᠪᠢ ᠨᠠᠷᠠ ᠶᠢ ᠡᠭᠦᠯᠡ ᠪᠡᠷ ᠳᠠᠯᠳᠠᠯᠠᠨ᠂ ᠰᠠᠷ᠎ᠠ ᠴᠤ ᠭᠡᠷᠡᠯᠲᠦᠬᠦ ᠦᠭᠡᠢ᠃
8 ᠴᠢᠨᠦ ᠳᠡᠭᠡᠷ᠎ᠡ ᠭᠡᠷᠡᠯᠲᠦᠳᠡᠭ ᠣᠭᠲᠠᠷᠭᠤᠢ ᠶᠢᠨ ᠬᠠᠮᠤᠭ ᠭᠡᠷᠡᠯ ᠢ ᠪᠢ ᠪᠦᠳᠡᠭᠢᠷᠡᠭᠦᠯᠵᠦ ᠨᠤᠲᠤᠭ ᠣᠷᠣᠨ ᠳᠤ ᠴᠢᠨᠢ ᠬᠠᠷᠠᠩ᠋ᠭᠤᠢ ᠶᠢ ᠲᠣᠭᠲᠠᠭᠠᠨ᠎ᠠ᠃》 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠃
9 《ᠤᠰᠠᠳᠤᠯ ᠤᠨ ᠴᠢᠨᠢ ᠴᠢᠮᠡᠭᠡ ᠶᠢ ᠪᠢ ᠦᠨᠳᠦᠰᠦᠲᠡᠨ ᠨᠦᠭᠦᠳ ᠦᠨ ᠳᠤᠮᠳᠠ᠂ ᠴᠢᠨᠦ ᠦᠯᠦ ᠮᠡᠳᠡᠬᠦ ᠨᠤᠲᠤᠭ ᠲᠤ ᠴᠤ ᠬᠦᠷᠭᠡᠬᠦ ᠳᠡᠭᠡᠨ ᠣᠯᠠᠨ ᠦᠨᠳᠦᠰᠦᠲᠡᠨ ᠦ ᠰᠠᠨᠠᠭ᠎ᠠ ᠶᠢ ᠵᠣᠪᠠᠭᠠᠵᠤ᠂ 10 ᠣᠯᠠᠨ ᠦᠨᠳᠦᠰᠦᠲᠡᠨ ᠢ ᠴᠢᠨᠦ ᠤᠯᠠᠮ ᠢᠶᠠᠷ ᠪᠠᠯᠠᠮᠠᠭᠳᠠᠭᠤᠯᠤᠨᠠ᠃ ᠪᠢ ᠲᠡᠳᠡᠨ ᠦ ᠡᠮᠦᠨ᠎ᠡ ᠢᠯᠳᠦ ᠪᠡᠨ ᠳᠠᠯᠠᠢᠬᠤ ᠳᠤ᠂ ᠴᠢᠮᠠᠳᠤ ᠶᠠᠭᠤ ᠪᠣᠯᠣᠭᠰᠠᠨ ᠢ ᠦᠵᠡᠭᠡᠳ ᠬᠠᠭᠠᠳ ᠨᠢ ᠴᠡᠴᠡᠷᠡᠨ ᠴᠡᠴᠡᠷᠡᠨ᠎ᠡ᠃ ᠴᠢᠨᠦ ᠤᠨᠠᠬᠤ ᠡᠳᠦᠷ ᠲᠦ᠂ ᠲᠡᠳᠡᠨ ᠦ ᠬᠥᠮᠦᠨ ᠪᠣᠯᠭᠠᠨ ᠮᠥᠴᠡ ᠪᠦᠷᠢ ᠳᠤ ᠠᠮᠢ ᠪᠠᠨ ᠠᠯᠳᠠᠬᠤ ᠠᠴᠠ ᠠᠶᠤᠨ᠎ᠠ᠃》
11 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠠᠪᠢᠯᠣᠨ ᠤ ᠬᠠᠭᠠᠨ ᠤ ᠢᠯᠳᠦ ᠴᠢᠮ᠎ᠠ ᠳᠡᠭᠡᠷ᠎ᠡ ᠢᠷᠡᠨ᠎ᠡ᠃
12 ᠪᠦᠬᠦ ᠦᠨᠳᠦᠰᠦᠲᠡᠨ ᠦ ᠳᠣᠲᠣᠷᠠᠬᠢ ᠬᠠᠮᠤᠭ ᠤᠨ ᠬᠠᠷᠭᠢᠰ ᠬᠦᠴᠦᠲᠦ ᠳᠠᠢᠴᠢᠳ ᠤᠨ ᠢᠯᠳᠦ ᠪᠡᠷ ᠪᠢ ᠣᠯᠠᠨ ᠲᠦᠮᠡᠨ ᠢ ᠴᠢᠨᠢ ᠤᠨᠠᠭᠠᠨ᠎ᠠ᠃ ᠶᠧᠵᠢᠫᠲ ᠤᠨ ᠪᠠᠬᠠᠷᠬᠠᠯ ᠢ ᠲᠡᠳᠡ ᠰᠦᠢᠷᠡᠭᠦᠯᠵᠦ ᠶᠧᠵᠢᠫᠲ ᠤᠨ ᠣᠯᠠᠨ ᠲᠦᠮᠡᠨ ᠢ ᠲᠡᠳᠡ ᠤᠰᠠᠳᠬᠠᠨ᠎ᠠ᠃
13 ᠬᠠᠮᠤᠭ ᠮᠠᠯ ᠰᠦᠷᠦᠭ ᠢ ᠨᠢ ᠪᠢ ᠶᠡᠬᠡ ᠤᠰᠤᠨ ᠤ ᠳᠡᠷᠭᠡᠳᠡ ᠡᠴᠡ ᠤᠰᠠᠳᠬᠠᠬᠤ ᠲᠤᠯᠠ ᠬᠥᠮᠦᠨ ᠦ ᠬᠥᠯ ᠤᠰᠤ ᠶᠢ ᠳᠠᠬᠢᠨ ᠪᠤᠯᠠᠩ᠋ᠭᠢᠷᠲᠤᠭᠤᠯᠬᠤ ᠦᠭᠡᠢ᠂ ᠮᠠᠯ ᠤᠨ ᠲᠤᠭᠤᠷᠠᠢ ᠴᠤ ᠤᠰᠤ ᠶᠢ ᠳᠠᠬᠢᠨ ᠪᠤᠯᠠᠩ᠋ᠭᠢᠷᠲᠤᠭᠤᠯᠬᠤ ᠦᠭᠡᠢ᠃
14 ᠡᠢᠨ ᠬᠦ ᠪᠢ ᠤᠰᠤ ᠶᠢ ᠨᠢ ᠲᠤᠩ᠋ᠭᠠᠵᠤ ᠤᠷᠤᠰᠬᠠᠯ ᠤᠳ ᠢ ᠨᠢ ᠲᠣᠰᠣ ᠮᠡᠲᠦ ᠤᠷᠤᠰᠬᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
15 《ᠪᠢ ᠶᠧᠵᠢᠫᠲ ᠤᠨ ᠨᠤᠲᠤᠭ ᠢ ᠡᠵᠡᠭᠦᠢᠷᠡᠭᠦᠯᠦᠨ ᠲᠡᠷᠡ ᠭᠠᠵᠠᠷ ᠠᠴᠠ ᠪᠢᠯᠬᠠᠭᠰᠠᠨ ᠪᠦᠬᠦᠨ ᠢ ᠨᠢ ᠬᠣᠭᠣᠰᠣᠷᠠᠭᠤᠯᠤᠨ ᠲᠡᠨᠳᠡ ᠠᠮᠢᠳᠤᠷᠠᠳᠠᠭ ᠪᠦᠬᠦᠨ ᠢ ᠴᠣᠬᠢᠬᠤ ᠳᠤ᠂ ᠲᠡᠳᠡ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ᠃
16 ᠭᠠᠰᠢᠭᠤᠳᠠᠬᠤ ᠭᠠᠰᠢᠭᠤᠳᠠᠯ ᠨᠢ ᠡᠨᠡ᠃ ᠣᠯᠠᠨ ᠦᠨᠳᠦᠰᠦᠲᠡᠨ ᠦ ᠥᠬᠢᠳ ᠡᠭᠦᠨ ᠢ ᠳᠠᠭᠤᠯᠠᠨ᠂ ᠶᠧᠵᠢᠫᠲ ᠪᠣᠯᠣᠨ ᠣᠯᠠᠨ ᠲᠦᠮᠡᠨ ᠦ ᠬᠢᠨᠢ ᠲᠥᠯᠥᠭᠡ ᠭᠠᠰᠢᠭᠤᠳᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
17 ᠠᠷᠪᠠᠨ ᠬᠣᠶᠠᠳᠤᠭᠠᠷ ᠣᠨ ᠤ ᠲᠡᠷᠡ ᠰᠠᠷ᠎ᠠ ᠶᠢᠨ ᠠᠷᠪᠠᠨ ᠲᠠᠪᠤᠨ ᠳᠤ᠂ ᠶᠣᠬᠣᠸᠠ ᠶᠢᠨ ᠦᠭᠡ ᠨᠠᠳᠠ ᠳᠤ ᠢᠷᠡᠪᠡ᠄ 18 《ᠬᠥᠮᠦᠨ ᠦ ᠬᠦᠦ ᠡ᠂ ᠶᠧᠵᠢᠫᠲ ᠤᠨ ᠣᠯᠠᠨ ᠲᠦᠮᠡᠨ ᠦ ᠲᠥᠯᠥᠭᠡ ᠭᠠᠰᠢᠭᠤᠳᠠᠨ᠂ ᠲᠡᠭᠦᠨ ᠢ ᠪᠣᠯᠣᠨ ᠬᠦᠴᠦᠷᠬᠡᠭ ᠭᠦᠷᠦᠨ ᠨᠦᠭᠦᠳ ᠦᠨ ᠥᠬᠢᠳ ᠢ ᠨᠦᠬᠡᠨ ᠳᠦ ᠤᠨᠠᠭᠰᠠᠳ ᠲᠠᠢ ᠬᠠᠮᠲᠤ ᠳᠣᠣᠷᠠᠳᠤ ᠶᠢᠷᠲᠢᠨᠴᠦ ᠳᠦ ᠬᠠᠶᠠ᠂ 19 ᠲᠡᠭᠦᠨ ᠳᠦ᠄ 〈ᠴᠢ ᠪᠤᠰᠤᠳ ᠠᠴᠠ ᠢᠯᠡᠭᠦᠦ ᠦᠵᠡᠰᠬᠦᠯᠡᠩ ᠭᠡᠵᠢ ᠤᠤ︖ ᠳᠣᠭᠣᠭᠰᠢ ᠶᠠᠪᠤᠵᠤ᠂ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠲᠡᠢ ᠬᠠᠮᠲᠤ ᠬᠡᠪᠲᠡ〉 ᠭᠡᠵᠦ ᠶᠠᠷᠢ᠃ 20 ᠲᠡᠳᠡ ᠢᠯᠳᠦᠨ ᠳᠦ ᠠᠯᠠᠭᠳᠠᠭᠰᠠᠳ ᠤᠨ ᠳᠤᠮᠳᠠ ᠤᠨᠠᠬᠤ ᠪᠣᠯᠣᠨ᠎ᠠ᠃ ᠶᠧᠵᠢᠫᠲ ᠢᠯᠳᠦᠨ ᠳᠦ ᠲᠤᠰᠢᠶᠠᠭᠳᠠᠭᠰᠠᠨ᠂ ᠲᠡᠭᠦᠨ ᠢ ᠣᠯᠠᠨ ᠲᠦᠮᠡᠨ ᠲᠡᠢ ᠨᠢ ᠬᠠᠮᠲᠤ ᠴᠢᠷᠴᠦ ᠠᠪᠠᠴᠢ᠃ 21 ᠦᠬᠦᠭᠰᠡᠳ ᠦᠨ ᠣᠷᠣᠨ ᠤ ᠳᠣᠲᠣᠷᠠᠬᠢ ᠬᠦᠴᠦᠲᠡᠳ ᠦᠨ ᠤᠳᠤᠷᠢᠳᠤᠭᠴᠢᠳ ᠪᠡᠷ ᠶᠧᠵᠢᠫᠲ ᠪᠠ ᠬᠣᠯᠪᠣᠭᠠᠲᠠᠳ ᠤᠨ ᠬᠢᠨᠢ ᠲᠤᠬᠠᠢ᠄ 〈ᠨᠥᠭᠥᠭᠡ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠢᠯᠳᠦᠨ ᠳᠦ ᠠᠯᠠᠭᠳᠠᠨ ᠪᠠᠭᠤᠵᠤ ᠢᠷᠡᠭᠡᠳ ᠬᠡᠪᠲᠡᠯ᠎ᠡ〉 ᠭᠡᠬᠦ ᠪᠣᠯᠣᠨ᠎ᠠ᠃
22 ᠠᠰᠢᠷᠢᠶ᠎ᠠ ᠪᠣᠯᠣᠨ ᠪᠦᠬᠦ ᠴᠡᠷᠢᠭ ᠨᠢ ᠲᠡᠨᠳᠡ ᠪᠠᠢᠨ᠎ᠠ᠃ ᠲᠡᠭᠦᠨ ᠦ ᠡᠷᠭᠢᠨ ᠲᠣᠭᠣᠷᠢᠨ ᠳᠤ ᠢᠯᠳᠦᠨ ᠳᠦ ᠠᠯᠠᠭᠳᠠᠵᠤ ᠤᠨᠠᠭᠰᠠᠨ ᠪᠦᠭᠦᠳᠡ ᠶᠢᠨ ᠪᠤᠯᠠᠰᠢ ᠪᠠᠢᠨ᠎ᠠ᠃ 23 ᠲᠡᠳᠡᠨ ᠦ ᠪᠤᠯᠠᠰᠢ ᠨᠤᠭᠤᠳ ᠨᠦᠬᠡᠨ ᠦ ᠮᠤᠬᠤᠷ ᠲᠤ ᠪᠤᠢ᠂ ᠲᠡᠢᠨ ᠬᠦ ᠴᠡᠷᠢᠭ ᠤᠳ ᠨᠢ ᠲᠡᠭᠦᠨ ᠦ ᠪᠤᠯᠠᠰᠢᠨ ᠤ ᠡᠷᠭᠢᠨ ᠲᠣᠭᠣᠷᠢᠨ ᠳᠤ ᠪᠠᠢᠨ᠎ᠠ᠂ ᠠᠮᠢᠳᠤᠷᠠᠭᠰᠠᠳ ᠤᠨ ᠣᠷᠣᠨ ᠳᠤ ᠠᠢᠳᠠᠰ ᠲᠥᠷᠥᠭᠦᠯᠵᠦ ᠪᠠᠢᠭᠰᠠᠨ ᠲᠡᠳᠡ ᠪᠦᠭᠦᠳᠡ ᠢᠯᠳᠦᠨ ᠳᠦ ᠠᠯᠠᠭᠳᠠᠵᠤ ᠤᠨᠠᠭᠰᠠᠨ ᠪᠠᠢᠨ᠎ᠠ᠃
24 ᠡᠯᠠᠮ ᠲᠡᠨᠳᠡ ᠪᠠᠢᠭ᠎ᠠ ᠪᠥᠭᠡᠳ ᠬᠠᠮᠤᠭ ᠣᠯᠠᠨ ᠲᠦᠮᠡᠨ ᠨᠢ ᠲᠡᠭᠦᠨ ᠦ ᠪᠤᠯᠠᠰᠢᠨ ᠤ ᠲᠣᠭᠣᠷᠢᠨ ᠳᠤ ᠪᠠᠢᠨ᠎ᠠ᠃ ᠲᠡᠳᠡ ᠪᠦᠭᠦᠳᠡ ᠢᠯᠳᠦᠨ ᠳᠦ ᠠᠯᠠᠭᠳᠠᠵᠤ ᠤᠨᠠᠭᠰᠠᠳ ᠪᠢᠯᠡ᠂ ᠠᠮᠢᠳᠤᠷᠠᠭᠰᠠᠳ ᠤᠨ ᠣᠷᠣᠨ ᠳᠤ ᠠᠢᠳᠠᠰ ᠲᠥᠷᠥᠭᠦᠯᠵᠦ ᠪᠠᠢᠭᠰᠠᠨ ᠲᠡᠳᠡ ᠪᠦᠭᠦᠳᠡᠭᠡᠷ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠶᠠᠨ ᠳᠣᠣᠷᠠᠳᠤ ᠶᠢᠷᠲᠢᠨᠴᠦ ᠳᠦ ᠣᠷᠣᠵᠤ᠂ ᠨᠦᠬᠡᠨ ᠳᠦ ᠤᠨᠠᠭᠰᠠᠳ ᠲᠠᠢ ᠬᠠᠮᠲᠤ ᠢᠴᠢᠭᠦᠷᠢ ᠪᠠᠨ ᠡᠭᠦᠷᠦᠭᠰᠡᠨ᠃ 25 ᠲᠡᠭᠦᠨ ᠦ ᠣᠷᠣ ᠠᠯᠠᠭᠳᠠᠭᠰᠠᠳ ᠤᠨ ᠳᠤᠮᠳᠠ ᠵᠠᠰᠠᠭᠳᠠᠭᠰᠠᠨ ᠪᠠᠢᠨ᠎ᠠ᠃ ᠲᠡᠭᠦᠨ ᠦ ᠪᠤᠯᠠᠰᠢ ᠶᠢᠨ ᠲᠣᠭᠣᠷᠢᠨ ᠳᠤ ᠣᠯᠠᠨ ᠲᠦᠮᠡᠨ ᠨᠢ ᠪᠠᠢᠨ᠎ᠠ᠃ ᠲᠡᠳᠡ ᠪᠦᠭᠦᠳᠡ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠯᠳᠦᠨ ᠳᠦ ᠠᠯᠠᠭᠳᠠᠭᠰᠠᠨ᠃ ᠲᠡᠳᠡ ᠠᠮᠢᠳᠤᠷᠠᠭᠰᠠᠳ ᠤᠨ ᠣᠷᠣᠨ ᠳᠤ ᠠᠢᠳᠠᠰ ᠲᠥᠷᠥᠭᠦᠯᠵᠦ ᠪᠠᠢᠭᠰᠠᠨ ᠪᠣᠯᠪᠠᠴᠤ ᠨᠦᠬᠡᠨ ᠳᠦ ᠤᠨᠠᠭᠰᠠᠳ ᠲᠠᠢ ᠬᠠᠮᠲᠤ ᠢᠴᠢᠭᠦᠷᠢ ᠪᠠᠨ ᠡᠭᠦᠷᠦᠭᠰᠡᠨ᠂ ᠲᠡᠳᠡ ᠠᠯᠠᠭᠳᠠᠭᠰᠠᠳ ᠤᠨ ᠳᠤᠮᠳᠠ ᠲᠠᠯᠪᠢᠭᠳᠠᠪᠠ᠃
26 ᠮᠧᠱᠧᠺ᠂ ᠲᠦᠪᠠᠯ ᠪᠠ ᠲᠡᠳᠡᠨ ᠦ ᠪᠦᠬᠦ ᠣᠯᠠᠨ ᠲᠦᠮᠡᠨ ᠲᠡᠨᠳᠡ ᠪᠠᠢᠭ᠎ᠠ ᠪᠥᠭᠡᠳ ᠪᠤᠯᠠᠰᠢ ᠨᠤᠭᠤᠳ ᠨᠢ ᠲᠡᠳᠡᠨ ᠢ ᠬᠦᠷᠢᠶᠡᠯᠡᠵᠦ ᠪᠠᠢᠨ᠎ᠠ᠃ ᠲᠡᠳᠡ ᠪᠦᠭᠦᠳᠡ ᠠᠮᠢᠳᠤᠷᠠᠭᠰᠠᠳ ᠤᠨ ᠣᠷᠣᠨ ᠳᠤ ᠠᠢᠳᠠᠰ ᠲᠥᠷᠥᠭᠦᠯᠵᠦ ᠪᠠᠢᠭᠰᠠᠨ ᠴᠤ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠯᠳᠦᠨ ᠳᠦ ᠠᠯᠠᠭᠳᠠᠭᠰᠠᠨ᠃ 27 ᠭᠡᠬᠦ ᠳᠡᠭᠡᠨ ᠳᠡᠭᠡᠷ᠎ᠡ ᠦᠶ᠎ᠡ ᠳᠦ ᠳᠠᠢᠨ ᠤ ᠵᠡᠪᠰᠡᠭ ᠲᠡᠢ ᠪᠡᠨ ᠦᠬᠦᠭᠰᠡᠳ ᠦᠨ ᠣᠷᠣᠨ ᠳᠤ ᠣᠷᠣᠵᠤ᠂ ᠲᠣᠯᠣᠭᠠᠢ ᠳᠣᠣᠷ᠎ᠠ ᠪᠠᠨ ᠢᠯᠳᠦ ᠪᠡᠨ ᠳᠡᠷᠡᠯᠡᠭᠰᠡᠨ᠂ ᠬᠥᠪᠴᠢᠷᠬᠡᠢ ᠬᠥᠨᠳᠡᠭᠦᠯᠦᠭᠡ ᠦᠭᠡᠢ ᠤᠨᠠᠭᠰᠠᠨ ᠳᠠᠢᠴᠢᠳ ᠤᠨ ᠳᠡᠷᠭᠡᠳᠡ ᠲᠡᠳᠡ ᠬᠡᠪᠲᠡᠭᠰᠡᠨ ᠪᠢᠰᠢ ᠶᠤᠮ᠃ ᠡᠳᠡᠭᠡᠷ ᠳᠠᠢᠴᠢᠨ ᠠᠮᠢᠳᠤᠷᠠᠭᠰᠠᠳ ᠤᠨ ᠣᠷᠣᠨ ᠳᠤ ᠠᠢᠳᠠᠰ ᠢ ᠥᠭᠴᠦ ᠪᠠᠢᠭᠰᠠᠨ ᠲᠤᠯᠠ ᠨᠢᠭᠦᠯ ᠤᠳ ᠤᠨ ᠢᠶᠠᠨ ᠰᠢᠳᠬᠡᠯ ᠢ ᠶᠠᠰᠤᠨ ᠳᠡᠭᠡᠷ᠎ᠡ ᠪᠡᠨ ᠠᠪᠴᠢᠷᠠᠭᠰᠠᠨ᠃ 28 ᠹᠠᠷᠠᠣ᠋ ᠴᠢ ᠴᠤ ᠰᠦᠢᠷᠡᠵᠦ᠂ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠶᠠᠨ ᠢᠯᠳᠦᠨ ᠳᠦ ᠠᠯᠠᠭᠳᠠᠭᠰᠠᠳ ᠲᠠᠢ ᠬᠠᠮᠲᠤ ᠬᠡᠪᠲᠡᠬᠦ ᠪᠣᠯᠣᠨ᠎ᠠ᠃
29 ᠲᠡᠨᠳᠡ ᠡᠳᠣᠮ ᠪᠠ ᠲᠡᠭᠦᠨ ᠦ ᠪᠦᠬᠦ ᠬᠠᠭᠠᠨ ᠨᠣᠶᠠᠨ ᠪᠠᠢᠨ᠎ᠠ᠃ ᠲᠡᠳᠡ ᠬᠦᠴᠦᠷᠬᠡᠭ ᠪᠠᠢᠭᠰᠠᠨ ᠴᠤ ᠢᠯᠳᠦᠨ ᠳᠦ ᠠᠯᠠᠭᠳᠠᠭᠰᠠᠳ ᠲᠠᠢ ᠬᠠᠮᠲᠤ ᠲᠠᠯᠪᠢᠭᠳᠠᠭᠰᠠᠨ ᠪᠥᠭᠡᠳ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠶᠠᠨ ᠨᠦᠬᠡᠨ ᠳᠦ ᠤᠨᠠᠭᠰᠠᠳ ᠲᠠᠢ ᠬᠠᠮᠲᠤ ᠬᠡᠪᠲᠡᠨ᠎ᠡ᠃
30 ᠤᠮᠠᠷᠠᠲᠤ ᠶᠢᠨ ᠪᠦᠬᠦ ᠨᠣᠶᠠᠨ ᠪᠠ ᠰᠢᠢᠳᠣᠨᠴᠤᠳ ᠴᠤ ᠲᠡᠨᠳᠡ ᠪᠠᠢᠨ᠎ᠠ᠂ ᠲᠡᠳᠡ ᠬᠦᠴᠦ ᠪᠡᠷ ᠢᠶᠠᠨ ᠬᠥᠮᠦᠰ ᠢ ᠠᠶᠤᠯᠭᠠᠳᠠᠭ ᠪᠠᠢᠭᠰᠠᠨ ᠪᠣᠯᠪᠠᠴᠤ ᠠᠯᠠᠭᠳᠠᠭᠰᠠᠳ ᠲᠠᠢ ᠬᠠᠮᠲᠤ ᠢᠴᠢᠭᠦᠷᠢ ᠲᠠᠢ ᠪᠠᠷ ᠳᠣᠷᠣᠭᠰᠢ ᠪᠠᠨ ᠤᠨᠠᠵᠤ᠂ ᠢᠯᠳᠦᠨ ᠳᠦ ᠠᠯᠠᠭᠳᠠᠭᠰᠠᠳ ᠲᠠᠢ ᠬᠠᠮᠲᠤ᠂ ᠬᠥᠪᠴᠢᠷᠬᠡᠢ ᠬᠥᠨᠳᠡᠭᠦᠯᠦᠭᠡ ᠦᠭᠡᠢ ᠬᠡᠪ ᠢᠶᠡᠷ ᠢᠶᠠᠨ ᠨᠦᠬᠡᠨ ᠳᠦ ᠤᠨᠠᠭᠰᠠᠨ ᠪᠤᠰᠤᠳ ᠲᠠᠢ ᠬᠠᠮᠲᠤ ᠢᠴᠢᠭᠦᠷᠢ ᠪᠠᠨ ᠡᠭᠦᠷᠦᠨ ᠬᠡᠪᠲᠡᠭᠰᠡᠨ ᠪᠠᠢᠨ᠎ᠠ᠃
31 ᠬᠠᠮᠤᠭ ᠣᠯᠠᠨ ᠲᠦᠮᠡᠨ ᠢᠶᠡᠨ ᠢᠯᠳᠦᠨ ᠳᠦ ᠠᠯᠠᠭᠤᠯᠤᠭᠰᠠᠨ ᠹᠠᠷᠠᠣ᠋ ᠪᠦᠬᠦ ᠴᠡᠷᠢᠭ ᠲᠠᠢ ᠪᠠᠨ ᠲᠡᠨᠳᠡᠬᠢ ᠶᠢᠨ ᠬᠢᠨ ᠢ ᠬᠠᠷᠠᠪᠠᠯ ᠲᠠᠢᠳᠬᠤᠷᠠᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 32 《ᠪᠢ ᠠᠮᠢᠳᠤᠷᠠᠭᠰᠠᠳ ᠤᠨ ᠣᠷᠣᠨ ᠳᠤ ᠹᠠᠷᠠᠣ᠋ ᠪᠠᠷ ᠳᠠᠮᠵᠢᠭᠤᠯᠤᠨ ᠠᠢᠳᠠᠰ ᠥᠭᠴᠦ ᠪᠠᠢᠭᠰᠠᠨ ᠪᠣᠯᠪᠠᠴᠤ ᠲᠡᠷᠡ ᠪᠣᠯᠣᠨ ᠲᠡᠭᠦᠨ ᠦ ᠬᠠᠮᠤᠭ ᠣᠯᠠᠨ ᠲᠦᠮᠡᠨ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠦᠨ ᠳᠤᠮᠳᠠ ᠢᠯᠳᠦᠨ ᠳᠦ ᠠᠯᠠᠭᠳᠠᠭᠰᠠᠳ ᠲᠠᠢ ᠬᠠᠮᠲᠤ ᠬᠡᠪᠲᠡᠬᠦ ᠪᠣᠯᠣᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃