1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠠᠷᠪᠠᠨ ᠲᠠᠪᠤ
 ᠬᠡᠷᠡᠭ ᠦᠭᠡᠢ ᠦᠵᠦᠮ ᠰᠢᠭ ᠶᠧᠷᠦ᠋ᠰᠠᠯᠧᠮ

1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠣᠢ ᠮᠣᠳᠣᠳ ᠤᠨ ᠳᠤᠮᠳᠠᠬᠢ ᠦᠵᠦᠮ ᠦᠨ ᠮᠣᠳᠣ ᠪᠤᠰᠤᠳ ᠮᠣᠳᠣᠨ ᠠᠴᠠ ᠶᠠᠭᠤ ᠪᠠᠷ ᠢᠯᠡᠭᠦᠦ ᠪᠢᠯᠡ︖
3 ᠲᠡᠷᠡ ᠮᠣᠳᠣ ᠪᠠᠷ ᠶᠠᠭᠤ ᠬᠢᠵᠦ ᠪᠣᠯᠬᠤ ᠪᠢᠯᠡ︖ ᠲᠡᠭᠦᠨ ᠢᠶᠡᠷ ᠶᠠᠮᠠᠷ ᠨᠢᠭᠡᠨ ᠵᠦᠢᠯ ᠤᠨ ᠡᠯᠭᠦᠬᠦᠷ ᠬᠢᠵᠦ ᠪᠣᠯᠬᠤ ᠤᠤ︖
4 ᠲᠡᠷᠡ ᠵᠥᠪᠬᠡᠨ ᠲᠦᠯᠡᠭᠡ ᠪᠣᠯᠵᠤ ᠭᠠᠯ ᠳᠤ ᠬᠠᠶᠠᠭᠳᠠᠨ᠎ᠠ︕ ᠬᠣᠶᠠᠷ ᠦᠵᠦᠭᠦᠷ ᠨᠢ ᠭᠠᠯ ᠳᠤ ᠰᠢᠲᠠᠵᠤ ᠳᠤᠮᠳᠠ ᠬᠡᠰᠡᠭ ᠨᠢ ᠬᠡᠦᠷᠰᠢᠭᠰᠡᠨ ᠲᠤᠯᠠ ᠶᠠᠮᠠᠷ ᠠᠰᠢᠭ ᠲᠠᠢ ᠪᠠᠢᠬᠤ ᠪᠢᠯᠡ︖
5 ᠬᠠᠷᠠ᠂ ᠲᠡᠷᠡ ᠪᠦᠲᠦᠨ ᠪᠠᠢᠬᠤ ᠳᠠᠭᠠᠨ ᠴᠤ ᠠᠰᠢᠭ ᠦᠭᠡᠢ ᠪᠠᠢᠭᠰᠠᠨ ᠭᠠᠯ ᠳᠤ ᠰᠢᠲᠠᠵᠤ᠂ ᠬᠡᠦᠷᠰᠢᠭᠰᠡᠨ ᠬᠣᠢᠨ᠎ᠠ ᠨᠢ ᠲᠡᠭᠦᠨ ᠢᠶᠡᠷ ᠶᠠᠮᠠᠷ ᠨᠢᠭᠡ ᠶᠠᠭᠤᠮ᠎ᠠ ᠬᠢᠵᠦ ᠪᠣᠯᠣᠨ᠎ᠠ ᠭᠡᠵᠢ ᠤᠤ︖》

6 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠣᠢ ᠮᠣᠳᠣᠳ ᠤᠨ ᠳᠤᠮᠳᠠᠬᠢ ᠦᠵᠦᠮ ᠦᠨ ᠮᠣᠳᠣ ᠶᠢ ᠲᠦᠯᠡᠭᠡ ᠪᠣᠯᠭᠠᠨ ᠭᠠᠯ ᠳᠤ ᠬᠠᠶᠠᠬᠤ ᠲᠠᠢ ᠠᠳᠠᠯᠢ᠂ ᠪᠢ ᠶᠧᠷᠦ᠋ᠰᠠᠯᠧᠮ ᠤᠨ ᠰᠠᠭᠤᠭᠠᠯᠢᠴᠢᠳ ᠲᠤ ᠲᠡᠢᠨ ᠬᠦ ᠦᠢᠯᠡᠳᠦᠨ᠎ᠡ᠃ 7 ᠪᠢ ᠨᠢᠭᠤᠷ ᠢᠶᠠᠨ ᠲᠡᠳᠡᠨ ᠦ ᠡᠰᠡᠷᠭᠦ ᠬᠠᠨᠳᠤᠭᠤᠯᠤᠨ᠎ᠠ᠃ ᠲᠡᠳᠡ ᠭᠠᠯ ᠠᠴᠠ ᠮᠤᠯᠲᠤᠷᠠᠭᠰᠠᠨ ᠴᠤ ᠭᠠᠯ ᠲᠡᠳᠡᠨ ᠢ ᠰᠢᠲᠠᠭᠠᠬᠤ ᠪᠣᠯᠣᠨ᠎ᠠ᠃ ᠪᠢ ᠨᠢᠭᠤᠷ ᠢᠶᠠᠨ ᠲᠡᠳᠡᠨ ᠦ ᠡᠰᠡᠷᠭᠦ ᠬᠠᠨᠳᠤᠭᠤᠯᠬᠤ ᠳᠤ᠂ ᠲᠠ ᠨᠠᠷ ᠨᠠᠮᠠᠶᠢ ᠶᠣᠬᠣᠸᠠ ᠮᠥᠨ ᠭᠡᠳᠡᠭ ᠢ ᠮᠡᠳᠡᠬᠦ ᠪᠣᠯᠣᠨ᠎ᠠ᠃ 8 ᠲᠡᠳᠡ ᠢᠲᠡᠭᠡᠮᠵᠢ ᠦᠭᠡᠢ ᠪᠠᠢᠭᠰᠠᠨ ᠲᠤᠯᠠ ᠪᠢ ᠨᠤᠲᠤᠭ ᠢ ᠨᠢ ᠬᠣᠭᠣᠰᠣᠷᠠᠭᠤᠯᠤᠨ᠎ᠠ᠂ ᠡᠵᠡᠨ ᠶᠣᠬᠣᠸᠠ ᠠᠢᠯᠠᠳᠴᠤ ᠪᠠᠢᠨ᠎ᠠ᠃》