1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠬᠣᠷᠢᠨ ᠭᠤᠷᠪᠠ
 ᠲᠠᠩ᠋ᠬᠠᠢ ᠡᠭᠡᠴᠢ ᠳᠡᠭᠦᠦ ᠬᠣᠶᠠᠷ

1 ᠶᠣᠬᠣᠸᠠ ᠶᠢᠨ ᠦᠭᠡ ᠨᠠᠳᠠ ᠳᠤ ᠢᠷᠡᠪᠡ᠄ 2 《ᠬᠥᠮᠦᠨ ᠦ ᠬᠦᠦ ᠡ᠂ ᠨᠢᠭᠡ ᠡᠬᠡ ᠶᠢᠨ ᠥᠬᠢᠨ ᠪᠣᠯᠬᠤ ᠬᠣᠶᠠᠷ ᠡᠮᠡᠭᠲᠡᠢ ᠪᠠᠢᠵᠠᠢ᠃ 3 ᠲᠡᠳᠡ ᠶᠧᠵᠢᠫᠲ ᠲᠤ ᠰᠠᠳᠤᠷ ᠰᠠᠮᠠᠭᠤᠨ ᠶᠠᠪᠤᠵᠤ᠂ ᠵᠠᠯᠠᠭᠤ ᠠᠴᠠ ᠪᠠᠨ ᠵᠠᠪᠬᠠᠢᠷᠠᠳᠠᠭ ᠪᠠᠢᠪᠠ᠃ ᠲᠡᠨᠳᠡ ᠲᠡᠳᠡ ᠬᠥᠬᠥ ᠪᠡᠨ ᠳᠠᠷᠤᠭᠤᠯᠵᠤ᠂ ᠣᠩ᠋ᠭᠣᠨ ᠴᠡᠭᠡᠵᠢ ᠪᠠᠨ ᠬᠥᠨᠳᠡᠭᠦᠯᠦᠭᠰᠡᠨ ᠪᠠᠢᠯ᠎ᠠ᠃ 4 ᠡᠭᠡᠴᠢ ᠨᠢ ᠣᠬᠣᠯᠠ 11 ᠂ ᠳᠡᠭᠦᠦ ᠨᠢ ᠣᠬᠣᠯᠢᠪᠠ 12 ᠭᠡᠳᠡᠭ ᠶᠤᠮ᠃ ᠲᠡᠳᠡ ᠮᠢᠨᠦᠬᠢ ᠪᠣᠯᠵᠤ᠂ ᠬᠥᠪᠡᠭᠦᠳ ᠥᠬᠢᠳ ᠲᠥᠷᠥᠭᠦᠯᠪᠡ᠃ ᠨᠡᠷᠡᠰ ᠦᠨ ᠬᠢᠨᠢ ᠬᠤᠪᠢ ᠳᠤ᠂ ᠣᠬᠣᠯᠠ ᠭᠡᠳᠡᠭ ᠨᠢ ᠰᠠᠮᠠᠷᠢᠶ᠎ᠠ᠂ ᠣᠬᠣᠯᠢᠪᠠ ᠭᠡᠳᠡᠭ ᠨᠢ ᠶᠧᠷᠦ᠋ᠰᠠᠯᠧᠮ ᠶᠤᠮ᠃

5 ᠣᠬᠣᠯᠠ ᠨᠢ ᠮᠢᠨᠦᠬᠢ ᠠᠲᠠᠯ᠎ᠠ ᠪᠠᠨ ᠰᠠᠳᠤᠷ ᠰᠠᠮᠠᠭᠤᠨ ᠶᠠᠪᠤᠵᠤ᠂ ᠠᠮᠠᠷᠠᠭ ᠤᠳ ᠪᠣᠯᠬᠤ ᠬᠥᠷᠰᠢ ᠠᠰᠢᠷᠢᠶᠠᠴᠤᠳ ᠲᠠᠭᠠᠨ ᠲᠠᠴᠢᠶᠠᠪᠠ᠃ 6 ᠲᠡᠳᠡ ᠬᠥᠬᠡ ᠥᠩᠭᠡ ᠶᠢᠨ ᠬᠤᠪᠴᠠᠰᠤ ᠲᠠᠢ᠂ ᠵᠠᠰᠠᠭ ᠨᠣᠶᠠᠳ ᠨᠢ ᠪᠦᠭᠦᠳᠡ ᠬᠦᠰᠡᠯ ᠢ ᠲᠠᠲᠠᠮ᠎ᠠ ᠵᠠᠯᠠᠭᠤᠰ ᠪᠥᠭᠡᠳ ᠮᠣᠷᠢ ᠤᠨᠤᠭᠰᠠᠨ ᠮᠣᠷᠢᠲᠠᠨ ᠪᠠᠢᠪᠠ᠃ 7 ᠣᠬᠣᠯᠠ ᠠᠰᠢᠷᠢᠶ᠎ᠠ ᠶᠢᠨ ᠲᠡᠳᠡᠭᠡᠷ ᠰᠢᠯᠢᠳᠡᠭ ᠡᠷ᠎ᠡ ᠲᠠᠢ ᠶᠠᠪᠤᠯᠳᠠᠪᠠ᠃ ᠥᠪᠡᠷ ᠦᠨ ᠲᠠᠴᠢᠶᠠᠭᠰᠠᠨ ᠬᠥᠮᠦᠨ ᠪᠣᠯᠭᠠᠨ ᠤ ᠶᠠᠩᠵᠤ ᠪᠦᠷᠢ ᠶᠢᠨ ᠰᠢᠲᠦᠭᠡᠨ ᠨᠦᠭᠦᠳ ᠢᠶᠡᠷ ᠥᠪᠡᠷ ᠢ ᠪᠠᠨ ᠪᠤᠵᠠᠷᠯᠠᠪᠠ᠃ 8 ᠲᠡᠷᠡ ᠪᠡᠷ ᠶᠧᠵᠢᠫᠲ ᠲᠤ ᠪᠠᠢᠬᠤ ᠦᠶ᠎ᠡ ᠶᠢᠨ ᠰᠠᠳᠤᠷ ᠰᠠᠮᠠᠭᠤᠨ ᠢᠶᠠᠨ ᠣᠷᠬᠢᠭᠰᠠᠨ ᠦᠭᠡᠢ᠃ ᠵᠠᠯᠠᠭᠤ ᠨᠠᠰᠤᠨ ᠳᠤᠨᠢ ᠡᠷᠡᠴᠦᠳ ᠲᠡᠭᠦᠨ ᠲᠡᠢ ᠤᠨᠲᠠᠵᠤ᠂ ᠲᠡᠭᠦᠨ ᠦ ᠣᠩ᠋ᠭᠣᠨ ᠴᠡᠭᠡᠵᠢ ᠶᠢ ᠬᠥᠨᠳᠡᠵᠦ᠂ ᠲᠡᠭᠦᠨ ᠳᠦ ᠲᠠᠴᠢᠶᠠᠯ ᠢᠶᠠᠨ ᠠᠰᠬᠠᠭᠰᠠᠨ ᠪᠠᠢᠪᠠ᠃ 9 ᠲᠡᠢᠮᠦ ᠡᠴᠡ ᠪᠢ ᠲᠡᠭᠦᠨ ᠢ ᠠᠮᠠᠷᠠᠭ ᠤᠳ ᠤᠨ ᠬᠢᠨᠢ ᠭᠠᠷ ᠲᠤ᠂ ᠲᠡᠭᠦᠨ ᠦ ᠲᠠᠴᠢᠶᠠᠭᠰᠠᠨ ᠠᠰᠢᠷᠢᠶᠠᠴᠤᠳ ᠤᠨ ᠭᠠᠷ ᠲᠤ ᠲᠤᠰᠢᠶᠠᠭᠰᠠᠨ ᠳᠤ᠂ 10 ᠲᠡᠳᠡ ᠲᠡᠭᠦᠨ ᠦ ᠨᠢᠴᠦᠭᠦᠨ ᠢ ᠢᠯᠡ ᠭᠠᠷᠭᠠᠵᠤ᠂ ᠬᠥᠪᠡᠭᠦᠳ ᠥᠬᠢᠳ ᠢ ᠨᠢ ᠠᠪᠠᠴᠢᠨ᠂ ᠲᠡᠭᠦᠨ ᠢ ᠢᠯᠳᠦ ᠪᠡᠷ ᠠᠯᠠᠵᠠᠢ᠃ ᠡᠢᠨ ᠬᠦ ᠲᠡᠷᠡ ᠰᠢᠳᠬᠡᠭᠳᠡᠵᠦ᠂ ᠨᠡᠷ᠎ᠡ ᠨᠢ ᠡᠮᠡᠭᠲᠡᠢᠴᠦᠳ ᠦᠨ ᠠᠮᠠᠨ ᠤ ᠵᠤᠭ᠎ᠠ ᠪᠣᠯᠵᠠᠢ᠃

11 ᠳᠡᠭᠦᠦ ᠣᠬᠣᠯᠢᠪᠠ ᠨᠢ ᠡᠭᠦᠨ ᠢ ᠦᠵᠡᠪᠡ᠂ ᠬᠠᠷᠢᠨ ᠲᠡᠷᠡ ᠲᠠᠴᠢᠶᠠᠯ ᠪᠠ ᠰᠠᠳᠤᠷ ᠰᠠᠮᠠᠭᠤᠨ ᠢᠶᠠᠷ ᠢᠶᠠᠨ ᠡᠭᠡᠴᠢ ᠡᠴᠡ ᠪᠡᠨ ᠢᠯᠡᠭᠦᠦ ᠳᠣᠷᠣᠢᠲᠠᠭᠰᠠᠨ᠃ 12 ᠲᠡᠷᠡ ᠴᠤ ᠠᠰᠢᠷᠢᠶᠠᠴᠤᠳ ᠲᠤ ᠲᠠᠴᠢᠶᠠᠪᠠ᠃ ᠲᠡᠳᠡ ᠪᠣᠯ ᠬᠡᠭᠡᠨᠴᠢᠷ ᠬᠤᠪᠴᠠᠰᠤᠯᠠᠭᠰᠠᠨ ᠵᠠᠰᠠᠭ ᠨᠣᠶᠠᠳ᠂ ᠪᠦᠭᠦᠳᠡ ᠬᠦᠰᠡᠯ ᠢ ᠲᠠᠲᠠᠮ᠎ᠠ ᠵᠠᠯᠠᠭᠤ ᠪᠥᠭᠡᠳ ᠮᠣᠷᠢ ᠤᠨᠤᠭᠰᠠᠨ ᠮᠣᠷᠢᠲᠠᠨ ᠪᠠᠢᠪᠠ᠃ 13 ᠲᠡᠷᠡ ᠡᠮ᠎ᠡ ᠴᠤ ᠪᠡᠶ᠎ᠡ ᠪᠡᠨ ᠪᠤᠵᠠᠷᠯᠠᠭᠰᠠᠨ ᠢ ᠪᠢ ᠬᠠᠷᠠᠪᠠ᠂ ᠲᠡᠷᠡ ᠬᠣᠶᠠᠭᠤᠯᠠ ᠪᠠᠨ ᠨᠢᠭᠡ ᠵᠠᠮ ᠢᠶᠠᠷ ᠶᠠᠪᠤᠵᠠᠢ᠃ 14 ᠬᠠᠷᠢᠨ ᠲᠡᠭᠦᠨ ᠦ ᠵᠠᠪᠬᠠᠢᠷᠠᠯ ᠤᠯᠠᠮ ᠴᠠᠰᠢᠯᠠᠪᠠ᠃ ᠲᠡᠷᠡ ᠪᠡᠷ ᠬᠠᠨ᠎ᠠ ᠳᠡᠭᠡᠷ᠎ᠡ ᠰᠡᠢᠯᠦᠭᠳᠡᠭᠰᠡᠨ ᠡᠷᠡᠴᠦᠦᠯ᠂ ᠴᠢᠰ ᠤᠯᠠᠭᠠᠨ ᠢᠶᠠᠷ ᠰᠡᠢᠯᠦᠭᠳᠡᠭᠰᠡᠨ ᠪᠠᠪᠢᠯᠣᠨᠴᠤᠳ ᠤᠨ ᠲᠥᠷᠬᠥ ᠶᠢ ᠬᠠᠷᠠᠪᠠ᠃ 15 ᠲᠡᠷᠡ ᠪᠡᠷ ᠪᠡᠯᠬᠡᠭᠦᠰᠦᠨ ᠳᠠᠬᠢ ᠪᠦᠰᠡ ᠪᠡᠨ ᠴᠢᠩ᠋ᠭᠠᠯᠠᠭᠰᠠᠨ᠂ ᠲᠣᠯᠣᠭᠠᠢ ᠳᠠᠭᠠᠨ ᠠᠯᠴᠢᠭᠤᠷ ᠤᠨᠵᠢᠢᠭᠤᠯᠤᠨ ᠤᠶᠠᠭᠰᠠᠨ᠂ ᠪᠦᠭᠦᠳᠡ ᠵᠠᠩᠵᠤᠨ ᠮᠡᠲᠦ ᠬᠠᠷᠠᠭᠳᠠᠳᠠᠭ ᠺᠠᠯᠳᠧᠶ᠎ᠠ ᠨᠤᠲᠤᠭ ᠤᠨ ᠤᠤᠭᠠᠯ ᠪᠠᠪᠢᠯᠣᠨᠴᠤᠳ ᠤᠨ ᠲᠥᠷᠬᠥ ᠶᠢ 16 ᠬᠠᠷᠠᠮᠠᠭᠴᠠ ᠪᠠᠨ ᠲᠡᠳᠡᠨ ᠳᠦ ᠲᠠᠴᠢᠶᠠᠳᠠᠨ᠂ ᠪᠠᠪᠢᠯᠣᠨ ᠤᠷᠤᠭᠤ ᠡᠯᠴᠢᠳ ᠢᠯᠡᠭᠡᠪᠡ᠃ 17 ᠪᠠᠪᠢᠯᠣᠨᠴᠤᠳ ᠲᠡᠷᠡ ᠡᠮ᠎ᠡ ᠶᠢᠨ ᠳᠤᠷᠠᠯᠠᠯ ᠤᠨ ᠣᠷᠣ ᠳᠡᠭᠡᠷ᠎ᠡ ᠣᠷᠣᠵᠤ᠂ ᠵᠠᠪᠬᠠᠢᠷᠠᠯ ᠢᠶᠠᠷ ᠢᠶᠠᠨ ᠲᠡᠭᠦᠨ ᠢ ᠪᠤᠵᠠᠷᠯᠠᠪᠠ᠃ ᠲᠡᠷᠡ ᠲᠡᠳᠡᠨ ᠳᠦ ᠪᠤᠵᠠᠷᠯᠠᠭᠳᠠᠭᠰᠠᠨ ᠤ ᠳᠠᠷᠠᠭ᠎ᠠ᠂ ᠰᠡᠳᠬᠢᠯ ᠨᠢ ᠲᠡᠳᠡᠨ ᠡᠴᠡ ᠬᠥᠨᠳᠡᠢᠷᠡᠪᠡ᠃ 18 ᠲᠡᠷᠡ ᠡᠮ᠎ᠡ ᠲᠡᠢᠨ ᠬᠦ ᠰᠠᠳᠤᠷ ᠰᠠᠮᠠᠭᠤᠨ ᠢᠶᠠᠨ᠂ ᠨᠢᠴᠦᠭᠦᠨ ᠪᠡᠶ᠎ᠡ ᠪᠡᠨ ᠢᠯᠡ ᠭᠠᠷᠭᠠᠪᠠ᠃ ᠮᠢᠨᠦ ᠰᠡᠳᠬᠢᠯ ᠡᠭᠡᠴᠢ ᠡᠴᠡ ᠨᠢ ᠬᠥᠨᠳᠡᠢᠷᠡᠭᠰᠡᠨ ᠰᠢᠭ ᠲᠡᠭᠦᠨ ᠡᠴᠡ ᠴᠤ ᠬᠥᠨᠳᠡᠢᠷᠡᠭᠰᠡᠨ᠃ 19 ᠡᠢᠮᠦ ᠡᠴᠡ ᠲᠡᠷᠡ ᠡᠮ᠎ᠡ ᠤᠯᠠᠮ ᠢᠯᠡᠭᠦᠦ ᠵᠠᠪᠬᠠᠢᠷᠠᠵᠤ ᠪᠠᠢᠭᠰᠠᠨ ᠢᠶᠠᠨ ᠶᠧᠵᠢᠫᠲ ᠲᠤ ᠰᠠᠳᠤᠷ ᠰᠠᠮᠠᠭᠤᠨ ᠶᠠᠪᠤᠵᠤ ᠪᠠᠢᠭᠰᠠᠨ ᠵᠠᠯᠠᠭᠤ ᠨᠠᠰᠤᠨ ᠤ ᠡᠳᠦᠷ ᠤᠳ ᠢᠶᠠᠨ ᠰᠠᠨᠠᠵᠤ᠂ 20 ᠡᠯᠵᠢᠭᠡᠨ ᠦ ᠬᠢ ᠮᠡᠲᠦ ᠡᠷᠬᠡᠲᠡᠨ ᠲᠡᠢ᠂ ᠠᠵᠢᠷᠭᠠᠨ ᠤ ᠬᠢ ᠮᠡᠲᠦ ᠦᠷ᠎ᠡ ᠬᠠᠷᠪᠤᠯᠲᠠ ᠲᠠᠢ ᠠᠮᠠᠷᠠᠭ ᠤᠳ ᠲᠠᠭᠠᠨ ᠲᠠᠴᠢᠶᠠᠳᠠᠪᠠ᠃ 21 ᠡᠢᠨ ᠬᠦ ᠴᠢ ᠶᠧᠵᠢᠫᠲ᠋ᠴᠦᠳ ᠲᠦ ᠬᠥᠬᠥᠨ ᠲᠣᠪᠴᠢ ᠪᠠᠨ ᠳᠠᠷᠤᠭᠤᠯᠵᠤ᠂ ᠴᠡᠭᠡᠵᠢ ᠪᠠᠨ ᠬᠥᠨᠳᠡᠭᠦᠯᠵᠦ ᠪᠠᠢᠭᠰᠠᠨ ᠵᠠᠯᠠᠭᠤ ᠨᠠᠰᠤᠨ ᠤ ᠪᠠᠨ ᠵᠠᠪᠬᠠᠢᠷᠠᠯ ᠢ ᠦᠭᠡᠶᠢᠯᠡᠵᠦ ᠪᠠᠢᠨ᠎ᠠ᠃》

22 ᠲᠡᠢᠮᠦ ᠡᠴᠡ ᠣᠬᠣᠯᠢᠪᠠ ᠡ᠂ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠴᠢᠨᠦ ᠰᠡᠳᠬᠢᠯ ᠢ ᠬᠥᠨᠳᠡᠢᠷᠡᠭᠦᠯᠦᠭᠰᠡᠨ ᠠᠮᠠᠷᠠᠭ ᠤᠳ ᠢ ᠴᠢᠨᠢ ᠥᠳᠥᠭᠡᠵᠦ᠂ ᠵᠦᠭ ᠪᠦᠷᠢ ᠡᠴᠡ ᠴᠢᠮ᠎ᠠ ᠤᠷᠤᠭᠤ ᠠᠪᠴᠢᠷᠠᠨ᠎ᠠ᠂ 23 ᠪᠠᠪᠢᠯᠣᠨᠴᠤᠳ᠂ ᠪᠦᠬᠦ ᠺᠠᠯᠳᠧᠶᠠᠴᠤᠳ᠂ ᠫᠧᠺᠣᠳ᠋᠂ ᠱᠣᠶ᠎ᠠ᠂ ᠺᠣᠶ᠎ᠠ ᠶᠢᠨ ᠬᠥᠮᠦᠰ᠂ ᠲᠡᠳᠡᠨ ᠦ ᠬᠠᠮᠲᠤ ᠪᠦᠬᠦ ᠠᠰᠢᠷᠢᠶᠠᠴᠤᠳ ᠢ ᠠᠪᠴᠢᠷᠠᠨ᠎ᠠ᠃ ᠲᠡᠳᠡ ᠪᠦᠭᠦᠳᠡ ᠬᠦᠰᠡᠯ ᠲᠠᠲᠠᠮ᠎ᠠ ᠵᠠᠯᠠᠭᠤ᠂ ᠵᠠᠰᠠᠭ ᠨᠣᠶᠠᠨ᠂ ᠵᠠᠩᠵᠤᠨ᠂ ᠠᠯᠳᠠᠷ ᠴᠤᠤᠲᠠᠨ᠂ ᠮᠣᠷᠢ ᠤᠨᠤᠭᠰᠠᠨ ᠮᠣᠷᠢᠲᠠᠨ ᠶᠤᠮ᠃ 24 ᠲᠡᠳᠡ ᠵᠡᠪᠰᠡᠭᠲᠦ ᠲᠡᠷᠭᠡ᠂ ᠮᠤᠬᠤᠯᠠᠭᠲᠤ ᠲᠡᠷᠭᠡ ᠪᠡᠷ ᠦᠢ ᠣᠯᠠᠨ ᠴᠡᠷᠢᠭ ᠤᠨ ᠬᠠᠮᠲᠤ ᠴᠢᠮᠠᠶᠢ ᠴᠣᠬᠢᠬᠤ ᠪᠠᠷ ᠢᠷᠡᠨ᠎ᠡ᠃ ᠲᠡᠳᠡ ᠬᠠᠯᠬᠠᠪᠴᠢ᠂ ᠪᠠᠮᠪᠠᠢ᠂ ᠳᠤᠭᠤᠯᠠᠭ᠎ᠠ ᠲᠠᠢ ᠪᠠᠷ ᠴᠢᠮᠠᠶᠢ ᠪᠦᠰᠡᠯᠡᠨ ᠵᠢᠭᠰᠠᠨ᠎ᠠ᠃ ᠪᠢ ᠴᠢᠮᠠᠶᠢ ᠲᠡᠳᠡᠨ ᠳᠦ ᠲᠤᠰᠢᠶᠠᠨ ᠰᠢᠭᠦᠯᠭᠡᠬᠦ ᠳᠦ᠂ ᠲᠡᠳᠡ ᠥᠪᠡᠷᠰᠡᠳ ᠦᠨ ᠢᠶᠠᠨ ᠵᠠᠩᠰᠢᠯ ᠢᠶᠠᠷ ᠴᠢᠮ᠎ᠠ ᠶᠢ ᠰᠢᠭᠦᠨ᠎ᠡ᠃ 25 ᠪᠢ ᠴᠢᠮᠠᠶᠢ ᠬᠠᠷᠠᠳᠠᠬᠤ ᠳᠤ᠂ ᠲᠡᠳᠡ ᠴᠢᠮ᠎ᠠ ᠳᠤ ᠠᠭᠤᠷ ᠲᠠᠢ ᠪᠠᠷ ᠦᠢᠯᠠᠳᠤᠨ᠎ᠠ᠃ ᠲᠡᠳᠡ ᠬᠠᠮᠠᠷ ᠴᠢᠬᠢ ᠶᠢ ᠴᠢᠨᠢ ᠣᠭᠲᠣᠯᠵᠤ᠂ ᠦᠯᠡᠳᠡᠭᠰᠡᠳ ᠢ ᠴᠢᠨᠢ ᠢᠯᠳᠦᠨ ᠳᠦ ᠤᠨᠠᠭᠠᠨ᠂ ᠬᠥᠪᠡᠭᠦᠳ ᠥᠬᠢᠳ ᠢ ᠴᠢᠨᠢ ᠣᠯᠵᠠᠯᠠᠵᠤ᠂ ᠦᠯᠡᠳᠡᠭᠰᠡᠳ ᠢ ᠴᠢᠨᠢ ᠭᠠᠯ ᠳᠤ ᠰᠢᠲᠠᠭᠠᠨ᠎ᠠ᠃ 26 ᠲᠡᠳᠡ ᠬᠤᠪᠴᠠᠰᠤ ᠶᠢ ᠴᠢᠨᠢ ᠲᠠᠢᠯᠵᠤ᠂ ᠭᠣᠶᠣᠮᠰᠣᠭ ᠡᠳ᠋ᠯᠡᠯ ᠤᠳ ᠢ ᠴᠢᠨᠢ ᠪᠤᠯᠢᠶᠠᠵᠤ ᠠᠪᠤᠨ᠎ᠠ᠃ 27 ᠲᠡᠢᠨ ᠬᠦ ᠪᠢ ᠶᠧᠵᠢᠫᠲ ᠡᠴᠡ ᠠᠪᠴᠢᠷᠠᠭᠰᠠᠨ ᠲᠠᠴᠢᠶᠠᠯ ᠪᠣᠯᠣᠨ ᠵᠠᠪᠬᠠᠢᠷᠠᠯ ᠢ ᠴᠢᠨᠢ ᠵᠣᠭᠰᠣᠭᠠᠨ᠎ᠠ᠃ ᠢᠩᠭᠢᠭᠰᠡᠨ ᠢᠶᠡᠷ ᠴᠢ ᠲᠡᠳᠡᠨ ᠤᠷᠤᠭᠤ ᠨᠢᠳᠦ ᠬᠠᠶᠠᠬᠤ ᠦᠭᠡᠢ᠂ ᠶᠧᠵᠢᠫᠲ ᠢ ᠳᠠᠬᠢᠨ ᠰᠠᠨᠠᠬᠤ ᠦᠭᠡᠢ ᠪᠣᠯᠣᠨ᠎ᠠ᠃》 28 ᠤᠴᠢᠷ ᠨᠢ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠪᠢ ᠥᠪᠡᠷ ᠦᠨ ᠴᠢᠨᠢ ᠦᠵᠡᠨ ᠶᠠᠳᠠᠳᠠᠭ᠂ ᠳᠤᠷ᠎ᠠ ᠦᠭᠡᠢ ᠶᠢ ᠴᠢᠨᠢ ᠬᠦᠷᠭᠡᠭᠰᠡᠨ ᠬᠥᠮᠦᠰ ᠦᠨ ᠭᠠᠷ ᠲᠤ ᠴᠢᠮᠠᠶᠢ ᠲᠤᠰᠢᠶᠠᠨ᠎ᠠ᠃ 29 ᠲᠡᠳᠡ ᠴᠢᠮ᠎ᠠ ᠳᠤ ᠦᠵᠡᠨ ᠶᠠᠳᠠᠯᠲᠠ ᠪᠠᠷ ᠬᠠᠨᠳᠤᠨ᠂ ᠵᠦᠳᠡᠷᠡᠵᠦ ᠣᠯᠣᠭᠰᠠᠨ ᠪᠦᠬᠦᠨ ᠢ ᠴᠢᠨᠢ ᠪᠤᠯᠢᠶᠠᠨ ᠠᠪᠴᠤ᠂ ᠴᠢᠮᠠᠶᠢ ᠱᠠᠯᠳᠠᠩ ᠨᠢᠴᠦᠭᠦᠨ ᠣᠷᠬᠢᠨ᠂ ᠰᠠᠳᠤᠷ ᠰᠠᠮᠠᠭᠤᠨ ᠤ ᠴᠢᠨᠢ ᠢᠴᠢᠭᠦᠷᠢ᠂ ᠲᠠᠴᠢᠶᠠᠯ ᠵᠠᠪᠬᠠᠢᠷᠠᠯ ᠢ ᠴᠢᠨᠢ ᠢᠯᠡ ᠭᠠᠷᠭᠠᠨ᠎ᠠ᠃ 30 ᠴᠢ ᠬᠠᠷᠢᠴᠤᠳ ᠲᠠᠢ ᠵᠠᠪᠬᠠᠢᠷᠠᠨ᠂ ᠰᠢᠲᠦᠭᠡᠨ ᠨᠦᠭᠦᠳ ᠢᠶᠡᠷ ᠨᠢ ᠥᠪᠡᠷ ᠢ ᠪᠠᠨ ᠪᠤᠵᠠᠷᠯᠠᠭᠰᠠᠨ ᠲᠤᠯᠠ ᠪᠢ ᠴᠢᠮ᠎ᠠ ᠳᠤ ᠡᠳᠡᠭᠡᠷ ᠢ ᠦᠢᠯᠡᠳᠦᠨ᠎ᠡ᠃ 31 ᠴᠢ ᠡᠭᠡᠴᠢ ᠶᠢᠨ ᠢᠶᠠᠨ ᠵᠠᠮ ᠢᠶᠠᠷ ᠶᠠᠪᠤᠭᠰᠠᠨ ᠤᠴᠢᠷ ᠠᠴᠠ ᠪᠢ ᠲᠡᠭᠦᠨ ᠦ ᠠᠶᠠᠭ᠎ᠠ ᠶᠢ ᠴᠢᠨᠦ ᠭᠠᠷ ᠲᠤ ᠥᠭᠭᠥᠨ᠎ᠡ᠃》 32 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠡᠭᠡᠴᠢ ᠶᠢᠨ ᠢᠶᠠᠨ ᠭᠦᠨ ᠪᠥᠭᠡᠳ ᠲᠣᠮᠣ ᠠᠶᠠᠭ᠎ᠠ ᠲᠠᠢ ᠶᠢ ᠤᠤᠭᠤᠬᠤ ᠪᠣᠯᠣᠨ᠎ᠠ ᠲᠡᠭᠦᠨ ᠦ ᠠᠶᠠᠭ᠎ᠠ ᠶᠡᠬᠡ ᠶᠢ ᠠᠭᠤᠯᠤᠭᠰᠠᠨ ᠴᠢᠮᠠᠶᠢ ᠳᠣᠭᠣᠭᠢ ᠲᠣᠬᠣᠭᠤ ᠪᠣᠯᠭᠠᠨ᠎ᠠ᠃

33 ᠴᠢᠨᠦ ᠡᠭᠡᠴᠢ ᠰᠠᠮᠠᠷᠢᠶ᠎ᠠ ᠶᠢᠨ ᠠᠶᠠᠭ᠎ᠠ᠂ ᠰᠦᠢᠷᠡᠯ ᠬᠣᠭᠣᠰᠣᠷᠠᠯ ᠲᠠᠢ ᠠᠶᠠᠭ᠎ᠠ᠂ ᠴᠢᠮᠠᠶᠢ ᠰᠣᠭᠲᠣᠭᠠᠨ ᠭᠤᠨᠢᠭ ᠢᠶᠠᠷ ᠳᠦᠭᠦᠷᠭᠡᠨ᠎ᠡ᠃ 34 ᠴᠢ ᠡᠭᠦᠨ ᠢ ᠤᠤᠭᠤᠨ ᠬᠣᠭᠣᠰᠣᠯᠠᠵᠤ᠂ ᠲᠡᠭᠦᠨ ᠢ ᠬᠠᠭᠠᠯᠬᠤ ᠪᠥᠭᠡᠳ ᠬᠥᠬᠥ ᠪᠡᠨ ᠣᠭᠲᠣᠯᠵᠤ ᠬᠠᠶᠠᠨ᠎ᠠ᠂ ᠪᠢ ᠡᠢᠨ ᠬᠦ ᠶᠠᠷᠢᠯ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃ 35 ᠲᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢ ᠨᠠᠮᠠᠶᠢ ᠮᠠᠷᠲᠠᠵᠤ᠂ ᠨᠠᠮᠠᠶᠢ ᠨᠢᠷᠤᠭᠤᠨ ᠤ ᠪᠠᠨ ᠠᠷᠤ ᠳᠤ ᠬᠠᠶᠠᠭᠰᠠᠨ ᠤᠴᠢᠷ ᠠᠴᠠ ᠴᠢ ᠲᠠᠴᠢᠶᠠᠯ ᠵᠠᠪᠬᠠᠢᠷᠠᠯ ᠤᠨ ᠢᠶᠠᠨ ᠦᠷ᠎ᠡ ᠳᠠᠭᠠᠪᠤᠷᠢ ᠶᠢ ᠡᠭᠦᠷ》 ᠭᠡᠪᠡ᠃

36 ᠶᠣᠬᠣᠸᠠ ᠨᠠᠳᠠ ᠳᠤ᠄ 《ᠬᠥᠮᠦᠨ ᠦ ᠬᠦᠦ ᠡ᠂ ᠣᠬᠣᠯᠠ᠂ ᠣᠬᠣᠯᠢᠪᠠ ᠶᠢ ᠰᠢᠭᠦᠬᠦ ᠦᠭᠡᠢ ᠤᠤ︖ ᠲᠡᠳᠡᠨ ᠳᠦ ᠵᠢᠭᠰᠢᠭᠦᠷᠢᠲᠦ ᠦᠢᠯᠡᠰ ᠢ ᠨᠢ ᠮᠡᠳᠡᠭᠦᠯ᠃ 37 ᠲᠡᠳᠡ ᠵᠠᠪᠬᠠᠢᠷᠠᠯ ᠢ ᠦᠢᠯᠡᠳᠳᠡᠭ᠂ ᠭᠠᠷ ᠨᠢ ᠴᠢᠰᠤ ᠲᠠᠢ᠃ ᠲᠡᠳᠡ ᠰᠢᠲᠦᠭᠡᠨ ᠨᠦᠭᠦᠳ ᠲᠡᠢ ᠪᠡᠨ ᠵᠠᠪᠬᠠᠢᠷᠠᠵᠤ᠂ ᠨᠠᠳᠠ ᠳᠤ ᠲᠥᠷᠥᠭᠦᠯᠵᠦ ᠥᠭᠭᠥᠭᠰᠡᠨ ᠬᠡᠦᠬᠡᠳ ᠢᠶᠡᠷ ᠢᠶᠠᠨ ᠰᠢᠲᠦᠭᠡᠨ ᠨᠦᠭᠦᠳ ᠢ ᠳᠠᠬᠢᠵᠤ᠂ ᠲᠡᠳᠡᠨ ᠳᠦ ᠢᠳᠡᠭᠦᠯᠳᠡᠭ᠃ 38 ᠲᠡᠷᠡ ᠡᠳᠦᠷ ᠲᠡᠭᠡᠨ ᠲᠡᠳᠡ ᠳᠠᠬᠢᠨ ᠠᠷᠢᠭᠤᠨ ᠭᠠᠵᠠᠷ ᠢ ᠮᠢᠨᠢ ᠪᠤᠵᠠᠷᠯᠠᠵᠤ᠂ ᠠᠮᠠᠷᠠᠯ ᠤᠨ ᠡᠳᠦᠷ ᠢ ᠮᠢᠨᠢ ᠪᠣᠬᠢᠷᠳᠤᠭᠤᠯᠪᠠ᠃ ᠲᠡᠳᠡ ᠳᠠᠷᠠᠭᠠᠬᠢ ᠶᠢ ᠴᠤ ᠨᠠᠳᠠ ᠳᠤ ᠦᠢᠯᠡᠳᠦᠭᠰᠡᠨ᠃ 39 ᠲᠡᠳᠡ ᠬᠡᠦᠬᠡᠳ ᠤᠳ ᠢᠶᠠᠷ ᠢᠶᠠᠨ ᠰᠢᠲᠦᠭᠡᠨ ᠨᠦᠭᠦᠳ ᠢᠶᠡᠨ ᠲᠠᠬᠢᠭᠰᠠᠨ ᠲᠡᠷᠡ ᠡᠳᠦᠷ ᠲᠡᠭᠡᠨ ᠠᠷᠢᠭᠤᠨ ᠭᠠᠵᠠᠷ ᠲᠤ ᠮᠢᠨᠢ ᠣᠷᠣᠵᠤ ᠪᠣᠬᠢᠷᠳᠤᠭᠤᠯᠪᠠ᠃ ᠲᠡᠳᠡ ᠮᠢᠨᠦ ᠥᠷᠭᠥᠭᠡᠨ ᠳᠣᠲᠣᠷ᠎ᠠ ᠲᠡᠢᠨ ᠬᠦ ᠦᠢᠯᠡᠳᠪᠡ᠃

40 ᠲᠡᠷᠡ ᠬᠣᠶᠠᠷ ᠡᠯᠴᠢᠳ ᠢᠯᠡᠭᠡᠨ ᠠᠯᠤᠰ ᠬᠣᠯᠠ ᠠᠴᠠ ᠡᠷᠡᠴᠦᠳ ᠠᠪᠴᠢᠷᠠᠭᠤᠯᠵᠤ ᠪᠠᠢᠪᠠ᠃ ᠲᠡᠳᠡ ᠢᠷᠡᠬᠦ ᠳᠦ᠂ ᠴᠢ ᠲᠡᠳᠡᠨ ᠦ ᠲᠥᠯᠥᠭᠡ ᠪᠡᠶ᠎ᠡ ᠪᠡᠨ ᠤᠬᠢᠶᠠᠵᠤ᠂ ᠨᠢᠳᠦ ᠪᠡᠨ ᠪᠣᠳᠣᠨ᠂ ᠥᠪᠡᠷ ᠢ ᠪᠠᠨ ᠭᠣᠶᠣᠮᠰᠣᠭ ᠭᠣᠶᠣᠳᠠᠭ ᠪᠠᠢᠭᠰᠠᠨ᠃ 41 ᠴᠢ ᠲᠠᠩᠰᠤᠭ ᠪᠤᠢᠳᠠᠩ ᠳᠡᠭᠡᠷ᠎ᠡ ᠰᠠᠭᠤᠵᠤ᠂ ᠡᠮᠦᠨ᠎ᠡ ᠪᠡᠨ ᠰᠢᠷᠡᠭᠡ ᠵᠠᠰᠠᠨ᠂ ᠳᠡᠭᠡᠷ᠎ᠡ ᠨᠢ ᠮᠢᠨᠦ ᠤᠲᠤᠯᠭ᠎ᠠ᠂ ᠮᠢᠨᠦ ᠲᠣᠰᠣ ᠶᠢ ᠲᠠᠯᠪᠢᠵᠤ ᠪᠠᠢᠭᠰᠠᠨ ᠶᠤᠮ᠃ 42 ᠪᠣᠯᠬᠢ ᠡᠷᠡᠴᠦᠦᠯ ᠦᠨ ᠴᠢᠮᠡᠭᠡ ᠲᠡᠷᠡ ᠡᠮᠡᠭᠲᠡᠢ ᠶᠢᠨ ᠳᠤ ᠪᠠᠢᠵᠠᠢ᠂ ᠲᠡᠷᠡ ᠴᠥᠯ ᠡᠴᠡ ᠪᠦᠲᠦᠯ ᠦᠭᠡᠢ ᠠᠷᠢᠬᠢᠴᠢᠳ ᠢ ᠠᠪᠴᠢᠷᠠᠭᠰᠠᠨ ᠪᠠᠢᠪᠠ᠃ ᠲᠡᠳᠡ ᠡᠭᠡᠴᠢ ᠳᠡᠭᠦᠦ ᠬᠣᠶᠠᠷ ᠤᠨ ᠭᠠᠷ ᠲᠤ ᠪᠠᠭᠤᠪᠴᠢ᠂ ᠲᠣᠯᠣᠭᠠᠢ ᠳᠤᠨᠢ ᠦᠵᠡᠰᠬᠦᠯᠡᠩᠲᠦ ᠲᠢᠲᠢᠮ ᠵᠡᠭᠦᠯᠭᠡᠪᠡ᠃

43 ᠲᠡᠭᠡᠬᠦ ᠳᠦ ᠪᠢ᠄ 〈ᠲᠡᠷᠡ ᠡᠮ᠎ᠡ ᠰᠠᠳᠤᠷ ᠰᠠᠮᠠᠭᠤᠨ ᠳᠤ ᠨᠤᠬᠤᠴᠢᠭᠳᠠᠭᠰᠠᠨ ᠠᠲᠠᠯ᠎ᠠ ᠲᠡᠳᠡ ᠲᠡᠭᠦᠨ ᠲᠡᠢ ᠴᠤ ᠶᠠᠪᠤᠯᠳᠠᠬᠤ ᠭᠡᠳ ᠪᠠᠢᠨ᠎ᠠ〉 ᠭᠡᠪᠡ᠃ 44 ᠭᠡᠪᠡᠴᠦ ᠲᠡᠳᠡ ᠲᠡᠷᠡ ᠡᠮ᠎ᠡ ᠲᠠᠢ ᠤᠨᠲᠠᠪᠠ᠂ ᠶᠠᠩ᠋ᠬᠠᠨ ᠲᠠᠢ ᠤᠨᠲᠠᠳᠠᠭ ᠰᠢᠭ᠋ ᠲᠠᠴᠢᠶᠠᠩ᠋ᠭᠤᠢ ᠡᠮᠡᠰ ᠣᠬᠣᠯᠠ ᠪᠣᠯᠣᠨ ᠣᠬᠣᠯᠢᠪᠠ ᠲᠠᠢ ᠤᠨᠲᠠᠪᠠ᠃ 45 ᠬᠠᠷᠢᠨ ᠵᠠᠪᠬᠠᠢ ᠪᠥᠭᠡᠳ ᠭᠠᠷ ᠨᠢ ᠴᠢᠰᠤ ᠲᠠᠢ ᠲᠡᠳᠡᠭᠡᠷ ᠡᠮᠡᠰ ᠲᠦ ᠵᠠᠪᠬᠠᠢ᠂ ᠴᠢᠰᠤ ᠤᠷᠤᠰᠬᠠᠭᠰᠠᠨ ᠡᠮᠡᠭᠲᠡᠢ ᠳᠦ ᠵᠣᠬᠢᠬᠤ ᠶᠠᠯ᠎ᠠ ᠶᠢ ᠵᠥᠪᠲᠦ ᠡᠷᠡᠴᠦᠳ ᠤᠨᠤᠭᠠᠬᠤ ᠪᠣᠯᠣᠨ᠎ᠠ》 ᠭᠡᠪᠡ᠃

46 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠲᠡᠳᠡᠭᠡᠷ ᠡᠮᠡᠭᠲᠡᠢ ᠤᠷᠤᠭᠤ ᠦᠢ ᠣᠯᠠᠨ ᠢ ᠠᠪᠴᠢᠷᠠᠬᠤ ᠪᠠ ᠲᠡᠷᠡ ᠬᠣᠶᠠᠷ ᠠᠢᠳᠠᠰ ᠲᠤ ᠠᠪᠲᠠᠨ ᠳᠡᠭᠡᠷᠡᠮᠳᠡᠭᠦᠯᠦᠨ᠎ᠡ᠃ 47 ᠦᠢ ᠣᠯᠠᠨ ᠨᠢ ᠲᠡᠷᠡ ᠬᠣᠶᠠᠷ ᠢ ᠴᠢᠯᠠᠭᠤ ᠪᠠᠷ ᠴᠢᠯᠠᠭᠤᠳᠠᠨ᠂ ᠢᠯᠳᠦ ᠪᠡᠷ ᠢᠶᠠᠨ ᠴᠠᠪᠴᠢᠵᠤ᠂ ᠬᠥᠪᠡᠭᠦᠳ ᠥᠬᠢᠳ ᠢ ᠨᠢ ᠠᠯᠠᠵᠤ᠂ ᠭᠡᠷ ᠤᠳ ᠢ ᠨᠢ ᠰᠢᠲᠠᠭᠠᠨ᠎ᠠ᠃ 48 ᠲᠡᠢᠨ ᠬᠦ ᠪᠢ ᠡᠨᠡ ᠨᠤᠲᠤᠭ ᠠᠴᠠ ᠵᠠᠪᠬᠠᠢᠷᠠᠯ ᠢ ᠵᠣᠭᠰᠣᠭᠠᠨ᠎ᠠ᠃ ᠡᠭᠦᠨ ᠡᠴᠡ ᠪᠦᠬᠦ ᠡᠮᠡᠭᠲᠡᠢ ᠰᠤᠷᠭᠠᠮᠵᠢ ᠠᠪᠴᠤ᠂ ᠲᠠ ᠨᠠᠷ ᠤᠨ ᠦᠢᠯᠡᠳᠦᠭᠰᠡᠨ ᠢ ᠳᠠᠭᠤᠷᠢᠶᠠᠬᠤ ᠦᠭᠡᠢ ᠪᠣᠯᠣᠨ᠎ᠠ᠃ 49 ᠲᠠ ᠨᠠᠷ ᠰᠠᠳᠤᠷ ᠰᠠᠮᠠᠭᠤᠨ ᠤ ᠪᠠᠨ ᠰᠢᠳᠬᠡᠯ ᠢ ᠠᠪᠴᠤ᠂ ᠰᠢᠲᠦᠭᠡᠨ ᠰᠢᠲᠦᠭᠰᠡᠨ ᠨᠢᠭᠦᠯ ᠤᠳ ᠤᠨ ᠦᠷ᠎ᠡ ᠳᠠᠭᠠᠪᠤᠷᠢ ᠶᠢ ᠡᠭᠦᠷᠬᠦ ᠳᠡᠭᠡᠨ ᠨᠠᠮᠠᠶᠢ ᠡᠵᠡᠨ ᠶᠣᠬᠣᠸᠠ ᠭᠡᠳᠡᠭ ᠢ ᠮᠡᠳᠡᠬᠦ ᠪᠣᠯᠣᠨ᠎ᠠ᠃》