ᠡᠽᠧᠺᠢᠶᠧᠯ ᠶᠢᠰᠦ
ᠰᠢᠲᠦᠭᠡᠨ ᠰᠢᠲᠦᠭᠴᠢᠳ ᠰᠢᠳᠬᠡᠭᠳᠡᠪᠡ
1 ᠲᠡᠷᠡ ᠮᠢᠨᠦ ᠴᠢᠬᠢᠨ ᠳᠤ ᠴᠢᠩᠭ᠍᠎ᠠ ᠳᠠᠭᠤ ᠪᠠᠷ᠄ 《ᠡᠨᠡ ᠬᠣᠲᠠ ᠶᠢ ᠰᠦᠢᠳᠬᠡᠭᠴᠢᠳ ᠡ᠂ ᠬᠥᠮᠦᠨ ᠪᠦᠷᠢ ᠵᠡᠪᠰᠡᠭ ᠢᠶᠡᠨ ᠭᠠᠷ ᠲᠠᠭᠠᠨ ᠪᠠᠷᠢᠨ ᠭᠠᠷᠴᠤ ᠢᠷ᠎ᠡ》 ᠭᠡᠵᠦ ᠠᠢᠯᠠᠳᠪᠠ᠃ 2 ᠲᠡᠭᠡᠲᠡᠯ᠎ᠡ ᠵᠢᠷᠭᠤᠭᠠᠨ ᠡᠷ᠎ᠡ ᠲᠤᠰ ᠪᠦᠷᠢ ᠭᠠᠷ ᠲᠠᠭᠠᠨ ᠠᠯᠠᠬᠤ ᠵᠡᠪᠰᠡᠭ ᠪᠠᠷᠢᠨ ᠬᠣᠢᠰᠢ ᠪᠠᠨ ᠬᠠᠷᠠᠭᠰᠠᠨ ᠳᠡᠭᠡᠳᠦ ᠬᠠᠭᠠᠯᠭ᠎ᠠ ᠶᠢᠨ ᠵᠦᠭ ᠡᠴᠡ ᠢᠷᠡᠵᠦ ᠪᠠᠢᠯ᠎ᠠ᠃ ᠲᠡᠳᠡᠨ ᠦ ᠨᠢᠭᠡ ᠨᠢ ᠮᠠᠭᠠᠯᠢᠩ᠋ᠭᠤᠨ ᠬᠤᠪᠴᠠᠰᠤ ᠡᠮᠦᠰᠴᠦ᠂ ᠲᠠᠰᠢᠶᠠᠨ ᠳᠠᠭᠠᠨ ᠪᠢᠴᠢᠭ ᠪᠡᠬᠡ ᠶᠢᠨ ᠰᠠᠪᠠ ᠵᠡᠭᠦᠭᠰᠡᠨ ᠪᠠᠢᠪᠠ᠃ ᠲᠡᠳᠡ ᠣᠷᠣᠵᠤ ᠢᠷᠡᠭᠡᠳ᠂ ᠬᠦᠷᠡᠯ ᠲᠠᠬᠢᠯ ᠤᠨ ᠰᠢᠷᠡᠭᠡᠨ ᠦ ᠳᠡᠷᠭᠡᠳᠡ ᠵᠣᠭᠰᠣᠪᠠ᠃
3 ᠺᠧᠷᠣᠪ ᠤᠨ ᠳᠡᠭᠡᠷ᠎ᠡ ᠪᠠᠢᠭᠰᠠᠨ ᠢᠰᠷᠧᠯ ᠤᠨ ᠪᠤᠷᠬᠠᠨ ᠤ ᠴᠣᠭ ᠵᠢᠪᠬᠤᠯᠠᠩ ᠳᠡᠭᠡᠭᠰᠢ ᠬᠥᠭᠡᠷᠴᠦ᠂ ᠥᠷᠭᠥᠭᠡᠨ ᠦ ᠪᠣᠱᠣᠭᠠᠨ ᠳᠤ ᠢᠷᠡᠪᠡ᠃ ᠮᠠᠭᠠᠯᠢᠩ᠋ᠭᠤᠨ ᠬᠤᠪᠴᠠᠰᠤ ᠡᠮᠦᠰᠴᠦ᠂ ᠲᠠᠰᠢᠶᠠᠨ ᠳᠠᠭᠠᠨ ᠪᠢᠴᠢᠭ ᠪᠡᠬᠡ ᠶᠢᠨ ᠰᠠᠪᠠ ᠵᠡᠭᠦᠭᠰᠡᠨ ᠨᠥᠭᠥᠭᠡ ᠬᠥᠮᠦᠨ ᠢ ᠶᠣᠬᠣᠸᠠ ᠳᠠᠭᠤᠳᠠᠨ᠂ 4 ᠲᠡᠭᠦᠨ ᠳᠦ᠄ 《ᠴᠢ ᠶᠧᠷᠦ᠋ᠰᠠᠯᠧᠮ ᠬᠣᠲᠠ ᠶᠢᠨ ᠳᠤᠮᠳᠠᠭᠤᠷ ᠶᠠᠪᠤᠵᠤ᠂ ᠬᠣᠲᠠ ᠳᠣᠲᠣᠷ᠎ᠠ ᠪᠣᠯᠵᠤ ᠪᠤᠢ ᠬᠠᠮᠤᠭ ᠵᠢᠭᠰᠢᠭᠦᠷᠢᠲᠦ ᠶᠠᠪᠤᠳᠠᠯ ᠤᠨ ᠤᠴᠢᠷ ᠲᠤ ᠰᠢᠨᠠᠯᠤᠨ ᠭᠠᠰᠢᠭᠤᠳᠠᠵᠤ ᠪᠤᠢ ᠬᠥᠮᠦᠰ ᠦᠨ ᠮᠠᠩᠨᠠᠢ ᠳᠡᠭᠡᠷ᠎ᠡ ᠲᠡᠮᠳᠡᠭ ᠲᠠᠯᠪᠢ》 ᠭᠡᠪᠡ᠃ 5 ᠲᠡᠭᠡᠭᠡᠳ ᠪᠢ ᠰᠣᠨᠣᠰᠴᠤ ᠪᠠᠢᠬᠤ ᠳᠤ᠂ ᠲᠡᠷᠡ ᠮᠥᠨ ᠪᠤᠰᠤᠳ ᠡᠷᠡᠴᠦᠳ ᠲᠦ ᠠᠢᠯᠠᠳᠤᠨ᠄ 《ᠲᠠ ᠨᠠᠷ ᠲᠡᠭᠦᠨ ᠦ ᠠᠷᠤ ᠠᠴᠠ ᠳᠠᠭᠠᠨ ᠬᠣᠲᠠ ᠶᠢᠨ ᠬᠢᠨ ᠤ ᠳᠤᠮᠳᠠᠭᠤᠷ ᠶᠠᠪᠤᠵᠤ᠂ ᠲᠡᠳᠡᠨ ᠢ ᠴᠣᠬᠢ᠃ ᠲᠠ ᠨᠠᠷ ᠥᠷᠥ ᠡᠪᠡᠳᠦᠨ ᠬᠠᠷᠠᠬᠤ ᠬᠡᠷᠡᠭ ᠦᠭᠡᠢ᠂ ᠥᠷᠥᠰᠢᠶᠡᠬᠦ ᠬᠡᠷᠡᠭ ᠦᠭᠡᠢ᠃ 6 ᠬᠥᠭᠰᠢᠨ ᠵᠠᠯᠠᠭᠤ ᠢᠯᠭᠠᠯ ᠦᠭᠡᠢ᠂ ᠥᠬᠢᠳ᠂ ᠪᠠᠭᠠᠴᠤᠳ ᠪᠠ ᠡᠬᠡᠨᠡᠷ ᠤᠳ ᠢ ᠴᠤ ᠪᠦᠷᠢᠮᠦᠰᠦᠨ ᠤᠰᠠᠳᠬ᠎ᠠ᠂ ᠬᠠᠷᠢᠨ ᠲᠡᠮᠳᠡᠭ ᠲᠡᠢ ᠬᠥᠮᠦᠰ ᠲᠦ ᠪᠦᠦ ᠬᠦᠷ᠃ ᠲᠠ ᠨᠠᠷ ᠮᠢᠨᠦ ᠠᠷᠢᠭᠤᠨ ᠭᠠᠵᠠᠷ ᠠᠴᠠ ᠡᠬᠢᠯᠡᠭᠲᠦᠨ》 ᠭᠡᠬᠦ ᠳᠦ᠂ ᠲᠡᠳᠡ ᠥᠷᠭᠥᠭᠡᠨ ᠦ ᠡᠮᠦᠨ᠎ᠡ ᠪᠠᠢᠭᠰᠠᠨ ᠠᠬᠠᠮᠠᠳ ᠤᠳ ᠠᠴᠠ ᠡᠬᠢᠯᠡᠪᠡ᠃ 7 ᠲᠡᠷᠡ ᠪᠠᠰᠠ᠄ 《ᠥᠷᠭᠥᠭᠡ ᠶᠢ ᠪᠤᠵᠠᠷᠯᠠ᠂ ᠬᠦᠷᠢᠶ᠎ᠡ ᠨᠦᠭᠦᠳ ᠢ ᠠᠯᠠᠭᠳᠠᠭᠰᠠᠳ ᠢᠶᠠᠷ ᠳᠦᠭᠦᠷᠭᠡ᠃ ᠣᠳᠣ ᠭᠠᠷᠴᠤ ᠶᠠᠪᠤ》 ᠭᠡᠰᠡᠨ ᠳᠦ᠂ ᠲᠡᠳᠡ ᠭᠠᠷᠴᠤ ᠬᠣᠲᠠ ᠶᠢᠨ ᠬᠢᠨ ᠢ ᠴᠣᠬᠢᠪᠠ᠃ 8 ᠲᠡᠳᠡ ᠴᠣᠬᠢᠵᠤ ᠪᠠᠢᠬᠤ ᠳᠤ᠂ ᠪᠢ ᠭᠠᠭᠴᠠᠭᠠᠷ ᠢᠶᠠᠨ ᠦᠯᠡᠳᠡᠵᠦ ᠨᠢᠭᠤᠷ ᠢᠶᠠᠨ ᠭᠠᠵᠠᠷ ᠲᠤ ᠬᠦᠷᠭᠡᠨ ᠴᠢᠩᠭ᠍᠎ᠠ ᠳᠠᠭᠤ ᠪᠠᠷ᠄ 《ᠥ᠂ ᠡᠵᠡᠨ ᠶᠣᠬᠣᠸᠠ᠂ ᠲᠠ ᠶᠧᠷᠦ᠋ᠰᠠᠯᠧᠮ ᠤᠨ ᠳᠡᠭᠡᠷ᠎ᠡ ᠬᠢᠯᠢᠩ ᠢᠶᠠᠨ ᠠᠰᠬᠠᠨ ᠢᠰᠷᠧᠯ ᠤᠨ ᠬᠠᠮᠤᠭ ᠦᠯᠡᠳᠡᠭᠰᠡᠳ ᠢ ᠤᠰᠠᠳᠬᠠᠨ᠎ᠠ ᠭᠡᠵᠢ ᠤᠤ︖》 ᠭᠡᠪᠡ᠃ 9 ᠲᠡᠭᠡᠬᠦ ᠳᠦ᠂ ᠲᠡᠷᠡ ᠨᠠᠳᠠ ᠳᠤ᠄ 《ᠢᠰᠷᠧᠯ ᠪᠣᠯᠣᠨ ᠶᠦᠳᠠ ᠶᠢᠨ ᠭᠡᠷ ᠦᠨ ᠨᠢᠭᠦᠯ ᠮᠠᠰᠢ ᠶᠡᠬᠡ᠂ ᠨᠤᠲᠤᠭ ᠨᠢ ᠴᠢᠰᠤ ᠪᠠᠷ ᠳᠦᠭᠦᠷᠴᠦ᠂ ᠬᠣᠲᠠ ᠨᠢ ᠭᠠᠵᠢ ᠶᠠᠪᠤᠳᠠᠯ ᠢᠶᠠᠷ ᠳᠦᠭᠦᠷᠡᠩ ᠪᠠᠢᠨ᠎ᠠ᠃ ᠬᠠᠷᠢᠨ ᠲᠡᠳᠡ᠄ 〈ᠶᠣᠬᠣᠸᠠ ᠡᠨᠡ ᠨᠤᠲᠤᠭ ᠢ ᠬᠠᠶᠠᠪᠠ᠂ ᠶᠣᠬᠣᠸᠠ ᠬᠠᠷᠠᠳᠠᠭ ᠦᠭᠡᠢ〉 ᠭᠡᠯᠴᠡᠳᠡᠭ᠃ 10 ᠡᠢᠮᠦ ᠡᠴᠡ ᠪᠢ ᠴᠤ ᠲᠡᠳᠡᠨ ᠢ ᠥᠷᠥ ᠡᠪᠡᠳᠦᠨ ᠬᠠᠷᠠᠬᠤ ᠦᠭᠡᠢ᠂ ᠥᠷᠥᠰᠢᠶᠡᠬᠦ ᠦᠭᠡᠢ᠃ ᠬᠠᠷᠢᠨ ᠪᠢ ᠦᠢᠯᠡᠰ ᠦᠨ ᠬᠢᠨᠢ ᠦᠷ᠎ᠡ ᠳᠠᠭᠠᠪᠤᠷᠢ ᠶᠢ ᠥᠪᠡᠷᠰᠡᠳ ᠦᠨ ᠬᠢᠨᠢ ᠲᠣᠯᠣᠭᠠᠢ ᠳᠡᠭᠡᠷ᠎ᠡ ᠪᠠᠭᠤᠯᠭᠠᠨ᠎ᠠ》 ᠭᠡᠪᠡ᠃
11 ᠲᠡᠭᠡᠲᠡᠯ᠎ᠡ ᠮᠠᠭᠠᠯᠢᠩ᠋ᠭᠤᠨ ᠬᠤᠪᠴᠠᠰᠤ ᠡᠮᠦᠰᠴᠦ᠂ ᠲᠠᠰᠢᠶᠠᠨ ᠳᠠᠭᠠᠨ ᠪᠢᠴᠢᠭ ᠪᠡᠬᠡ ᠶᠢᠨ ᠰᠠᠪᠠ ᠵᠡᠭᠦᠭᠰᠡᠨ ᠲᠡᠷᠡ ᠬᠥᠮᠦᠨ ᠬᠠᠷᠢᠭᠤ ᠮᠡᠳᠡᠭᠦᠯᠦᠨ᠄ 《ᠲᠤᠰᠢᠶᠠᠭᠰᠠᠨ ᠶᠣᠰᠣᠭᠠᠷ ᠲᠠᠨᠢ ᠪᠢ ᠭᠦᠢᠴᠡᠳᠬᠡᠪᠡ》 ᠭᠡᠯᠡ᠃