1 2 3 4 5 6 7 8 9 10 11 12 13 14 15 16 17 18 19 20 21 22 23 24 25 26 27 28 29 30 31 32 33 34 35 36 37 38 39 40 41 42 43 44 45 46 47 48


ᠡᠽᠧᠺᠢᠶᠧᠯ ᠳᠥᠴᠢᠨ ᠲᠠᠪᠤ
 ᠭᠠᠵᠠᠷ ᠬᠤᠪᠢᠶᠠᠯᠲᠠ

1 《ᠲᠠ ᠨᠠᠷ ᠥᠪ ᠪᠣᠯᠭᠠᠬᠤ ᠭᠠᠵᠠᠷ ᠢ ᠰᠢᠪᠠᠭ᠎ᠠ ᠪᠠᠷ ᠬᠤᠪᠢᠶᠠᠬᠤ ᠳᠠᠭᠠᠨ ᠲᠡᠷᠡ ᠭᠠᠵᠠᠷ ᠤᠨ ᠨᠢᠭᠡ ᠬᠡᠰᠡᠭ ᠢ ᠠᠷᠢᠭᠤᠨ ᠡᠷᠭᠦᠯ ᠪᠣᠯᠭᠠᠨ ᠶᠣᠬᠣᠸᠠ ᠳᠤ ᠡᠷᠭᠦᠭᠡᠷᠡᠢ᠃ ᠲᠡᠷᠡ ᠬᠡᠰᠡᠭ ᠨᠢ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠬᠣᠶᠠᠷ ᠲᠦᠮᠡᠨ ᠲᠣᠬᠣᠢ ᠥᠷᠭᠡᠨ ᠪᠥᠭᠡᠳ ᠪᠦᠬᠦᠯᠢ ᠳᠡᠭᠡᠨ ᠠᠷᠢᠭᠤᠨ ᠪᠠᠢᠬᠤ ᠪᠣᠯᠣᠨ᠎ᠠ᠃ 2 ᠲᠡᠭᠦᠨ ᠡᠴᠡ ᠲᠠᠪᠤᠨ ᠵᠠᠭᠤᠨ ᠲᠣᠬᠣᠢ ᠤᠷᠲᠤ᠂ ᠲᠠᠪᠤᠨ ᠵᠠᠭᠤᠨ ᠲᠣᠬᠣᠢ ᠥᠷᠭᠡᠨ ᠳᠥᠷᠪᠡᠯᠵᠢᠨ ᠬᠡᠰᠡᠭ ᠨᠢ ᠠᠷᠢᠭᠤᠨ ᠭᠠᠵᠠᠷ ᠤᠨ ᠬᠢ᠂ ᠲᠡᠭᠦᠨ ᠢ ᠬᠦᠷᠢᠶᠡᠯᠡᠭᠰᠡᠨ ᠲᠠᠪᠢᠨ ᠲᠣᠬᠣᠢ ᠥᠷᠭᠡᠨ ᠰᠤᠯᠠ ᠭᠠᠵᠠᠷ ᠪᠠᠢᠬᠤ ᠬᠡᠷᠡᠭᠲᠡᠢ᠃ 3 ᠲᠡᠢᠮᠦ ᠡᠴᠡ ᠴᠢ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠲᠦᠮᠡᠨ ᠲᠣᠬᠣᠢ ᠥᠷᠭᠡᠨ ᠢ ᠬᠡᠮᠵᠢ᠃ ᠲᠡᠭᠦᠨ ᠦ ᠳᠣᠲᠣᠷ᠎ᠠ ᠠᠷᠢᠭᠤᠨ ᠠᠴᠠ ᠠᠷᠢᠭᠤᠨ ᠭᠠᠵᠠᠷ᠂ ᠠᠷᠢᠭᠤᠨ ᠭᠠᠵᠠᠷ ᠪᠠᠢᠬᠤ ᠪᠣᠯᠣᠨ᠎ᠠ᠃ 4 ᠡᠨᠡ ᠨᠢ ᠲᠡᠷᠡ ᠭᠠᠵᠠᠷ ᠤᠨ ᠠᠷᠢᠭᠤᠨ ᠬᠡᠰᠡᠭ᠂ ᠶᠣᠬᠣᠸᠠ ᠳᠤ ᠣᠢᠷᠠᠲᠤᠨ ᠦᠢᠯᠡᠴᠢᠯᠡᠳᠡᠭ᠌ ᠠᠷᠢᠭᠤᠨ ᠭᠠᠵᠠᠷ ᠤᠨ ᠦᠢᠯᠡᠴᠢᠯᠡᠭᠴᠢ ᠲᠠᠬᠢᠯᠴᠢᠳ ᠤᠨ ᠬᠢ᠂ ᠲᠡᠳᠡᠨ ᠦ ᠰᠠᠭᠤᠳᠠᠭ ᠭᠠᠵᠠᠷ᠂ ᠠᠷᠢᠭᠤᠨ ᠭᠠᠵᠠᠷ ᠤᠨ ᠲᠥᠯᠥᠭᠡ ᠲᠤᠰᠠᠭᠠᠷᠯᠠᠭᠳᠠᠭᠰᠠᠨ ᠭᠠᠵᠠᠷ ᠪᠣᠯᠣᠨ᠎ᠠ᠃ 5 ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ᠂ ᠲᠦᠮᠡᠨ ᠲᠣᠬᠣᠢ ᠥᠷᠭᠡᠨ ᠬᠡᠰᠡᠭ ᠨᠢ ᠥᠷᠭᠥᠭᠡᠨ ᠦ ᠦᠢᠯᠡᠴᠢᠯᠡᠭᠴᠢ ᠯᠧᠸᠢᠴᠦᠳ ᠦᠨ ᠬᠢ ᠪᠣᠯᠣᠨ᠎ᠠ᠂ ᠲᠡᠳᠡ ᠣᠷᠣᠰᠢᠨ ᠰᠠᠭᠤᠬᠤ ᠬᠣᠲᠠ ᠨᠤᠭᠤᠳ ᠢ ᠪᠠᠷᠢᠬᠤ ᠶᠢᠨ ᠲᠤᠯᠠᠳᠠ ᠲᠡᠭᠦᠨ ᠢ ᠡᠵᠡᠮᠰᠢᠨ᠎ᠡ᠃

6 ᠠᠷᠢᠭᠤᠨ ᠡᠷᠭᠦᠯ ᠪᠣᠯᠭᠠᠭᠰᠠᠨ ᠬᠡᠰᠡᠭ ᠦᠨ ᠬᠠᠵᠠᠭᠤ ᠪᠠᠷ ᠲᠠᠪᠤᠨ ᠮᠢᠩ᠋ᠭᠠᠨ ᠲᠣᠬᠣᠢ ᠥᠷᠭᠡᠨ᠂ ᠬᠣᠶᠠᠷ ᠲᠦᠮᠡ ᠲᠠᠪᠤᠨ ᠮᠢᠩ᠋ᠭᠠᠨ ᠲᠣᠬᠣᠢ ᠤᠷᠲᠤ ᠲᠠᠯᠠᠪᠠᠢ ᠪᠦᠬᠦᠢ ᠭᠠᠵᠠᠷ ᠢ ᠲᠠ ᠨᠠᠷ ᠬᠣᠲᠠ ᠶᠢᠨ ᠡᠵᠡᠮᠰᠢᠯ ᠪᠣᠯᠭᠠᠨ ᠥᠭ᠃ ᠲᠡᠷᠡ ᠬᠡᠰᠡᠭ ᠨᠢ ᠢᠰᠷᠧᠯ ᠤᠨ ᠬᠠᠮᠤᠭ ᠭᠡᠷ ᠦᠨ ᠬᠢ᠃

7 ᠠᠷᠢᠭᠤᠨ ᠡᠷᠭᠦᠯ ᠪᠠ ᠬᠣᠲᠠ ᠶᠢᠨ ᠡᠵᠡᠮᠰᠢᠯ ᠤᠨ ᠵᠡᠭᠦᠨ ᠪᠠᠷᠠᠭᠤᠨ ᠲᠠᠯ᠎ᠠ ᠲᠠᠢ ᠵᠠᠯᠭᠠᠬᠤ ᠬᠣᠶᠠᠷ ᠬᠡᠰᠡᠭ ᠨᠢ ᠬᠠᠭᠠᠨ ᠤ ᠬᠢ᠃ ᠪᠠᠷᠠᠭᠤᠨ ᠲᠠᠯ᠎ᠠ ᠨᠢ ᠪᠠᠷᠠᠭᠤᠨᠰᠢ᠂ ᠵᠡᠭᠦᠨ ᠲᠠᠯ᠎ᠠ ᠨᠢ ᠵᠡᠭᠦᠨᠰᠢ ᠦᠷᠭᠦᠯᠵᠢᠯᠡᠵᠦ᠂ ᠤᠷᠲᠤ ᠪᠠᠷ ᠢᠶᠠᠨ ᠪᠣᠯ ᠨᠢᠭᠡ ᠣᠪᠣᠭ ᠲᠤ ᠨᠣᠭᠳᠠᠭᠤᠯᠤᠭᠰᠠᠨ ᠭᠠᠵᠠᠷ ᠤᠨ ᠪᠠᠷᠠᠭᠤᠨ ᠬᠢᠯᠢ ᠡᠴᠡ ᠵᠡᠭᠦᠨ ᠬᠢᠯᠢ ᠬᠦᠷᠲᠡᠯᠡᠬᠢ ᠲᠠᠢ ᠲᠡᠩᠴᠡᠨ᠎ᠡ᠃ 8 ᠢᠰᠷᠧᠯ ᠳᠤ ᠬᠠᠭᠠᠨ ᠤ ᠡᠵᠡᠮᠰᠢᠬᠦ ᠭᠠᠵᠠᠷ ᠨᠢ ᠡᠨᠡ ᠪᠢᠯᠡ᠃ ᠮᠢᠨᠦ ᠬᠠᠭᠠᠳ ᠠᠷᠠᠳ ᠲᠦᠮᠡᠨ ᠢ ᠮᠢᠨᠢ ᠳᠠᠬᠢᠭᠠᠳ ᠳᠠᠷᠤᠯᠠᠬᠤ ᠦᠭᠡᠢ᠂ ᠬᠠᠷᠢᠨ ᠣᠪᠣᠭ ᠤᠳ ᠤᠨ ᠬᠢᠨᠢ ᠳᠠᠭᠠᠤ ᠢᠰᠷᠧᠯ ᠤᠨ ᠭᠡᠷ ᠦᠨ ᠬᠢᠨ ᠢᠶᠠᠷ ᠲᠡᠷᠡ ᠨᠤᠲᠤᠭ ᠢ ᠡᠵᠡᠮᠰᠢᠭᠦᠯᠦᠨ᠎ᠡ᠃》

9 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯ ᠤᠨ ᠬᠠᠭᠠᠳ ᠡ᠂ ᠲᠠ ᠨᠠᠷ ᠬᠡᠲᠦᠷᠡᠵᠦ ᠪᠠᠢᠨ᠎ᠠ᠃ ᠬᠦᠴᠦᠷᠬᠡᠭᠯᠡᠯ ᠪᠠ ᠳᠠᠷᠤᠯᠠᠯ ᠢ ᠬᠠᠶᠠᠵᠤ᠂ ᠰᠢᠳᠤᠷᠭᠤ ᠵᠥᠪ ᠢ ᠦᠢᠯᠡᠳ᠃ ᠠᠷᠠᠳ ᠲᠦᠮᠡᠨ ᠢ ᠮᠢᠨᠢ ᠮᠥᠯᠵᠢᠬᠦ ᠪᠡᠨ ᠪᠣᠯᠢ᠃》 ᠡᠵᠡᠨ ᠶᠣᠬᠣᠸᠠ ᠠᠢᠯᠠᠳᠴᠤ ᠪᠠᠢᠨ᠎ᠠ᠃

10 《ᠲᠠ ᠨᠠᠷ ᠰᠢᠳᠤᠷᠭᠤ ᠬᠡᠮᠵᠢᠭᠦᠷ ᠲᠡᠢ᠂ ᠰᠢᠳᠤᠷᠭᠤ ᠡᠹᠠ 21 ᠂ ᠰᠢᠳᠤᠷᠭᠤ ᠪᠠᠲ 22  ᠲᠠᠢ ᠪᠠᠢᠬᠤ ᠶᠣᠰᠣᠲᠠᠢ᠃ 11 ᠡᠹᠠ ᠪᠣᠯᠣᠨ ᠪᠠᠲ ᠨᠢ ᠠᠳᠠᠯᠢ ᠬᠡᠮᠵᠢᠶ᠎ᠡ ᠲᠠᠢ 23 ᠂ ᠪᠠᠲ ᠨᠢ ᠣᠮᠧᠷ ᠤᠨ ᠠᠷᠪᠠᠨ ᠤ ᠨᠢᠭᠡ᠂ ᠡᠹᠠ ᠴᠤ ᠣᠮᠧᠷ ᠤᠨ ᠠᠷᠪᠠᠨ ᠤ ᠨᠢᠭᠡ ᠶᠢ ᠪᠠᠭᠲᠠᠭᠠᠬᠤ ᠲᠤᠯᠠ ᠬᠡᠮᠵᠢᠶᠡᠨ ᠦ ᠪᠠᠷᠢᠮᠵᠢᠶ᠎ᠠ ᠨᠢ ᠣᠮᠧᠷ ᠶᠤᠮ᠃ 12 ᠨᠢᠭᠡ ᠱᠧᠺᠧᠯ ᠨᠢ ᠬᠣᠷᠢᠨ ᠭᠧᠷᠠ᠂ ᠬᠣᠷᠢᠨ ᠱᠧᠺᠧᠯ ᠳᠡᠭᠡᠷ᠎ᠡ ᠬᠣᠷᠢᠨ ᠲᠠᠪᠤᠨ ᠱᠧᠺᠧᠯ ᠪᠠ ᠠᠷᠪᠠᠨ ᠲᠠᠪᠤᠨ ᠱᠧᠺᠧᠯ ᠢ ᠨᠡᠮᠡᠪᠡᠯ ᠨᠢᠭᠡ ᠮᠠᠨᠧ ᠪᠣᠯᠣᠨ᠎ᠠ᠃
 ᠲᠠᠬᠢᠯ ᠤᠳ ᠪᠠ ᠠᠷᠢᠭᠤᠨ ᠡᠳᠦᠷ ᠤᠳ

13 ᠲᠠ ᠨᠠᠷ ᠤᠨ ᠡᠷᠭᠦᠯ ᠨᠢ ᠨᠢᠭᠡ ᠣᠮᠧᠷ ᠪᠤᠭᠤᠳᠠᠢ ᠠᠴᠠ ᠡᠹᠠ ᠶᠢᠨ ᠵᠢᠷᠭᠤᠭᠠᠨ ᠤ ᠨᠢᠭᠡ᠂ ᠨᠢᠭᠡ ᠣᠮᠧᠷ ᠠᠷᠪᠠᠢ ᠠᠴᠠ ᠡᠹᠠ ᠶᠢᠨ ᠵᠢᠷᠭᠤᠭᠠᠨ ᠤ ᠨᠢᠭᠡ ᠬᠢᠭᠡᠳ 14 ᠲᠣᠰᠣᠨ ᠤ ᠬᠤᠪᠢ ᠨᠣᠭᠳᠠᠯ ᠭᠡᠪᠡᠯ᠂ ᠨᠢᠭᠡ ᠺᠣᠷ ᠠᠴᠠ ᠪᠠᠲ ᠶᠢᠨ ᠠᠷᠪᠠᠨ ᠤ ᠨᠢᠭᠡ ᠪᠢᠯᠡ᠃ ᠨᠢᠭᠡ ᠺᠣᠷ ᠴᠤ ᠨᠢᠭᠡ ᠣᠮᠧᠷ ᠲᠠᠢ ᠠᠳᠠᠯᠢ᠂ ᠠᠷᠪᠠᠨ ᠪᠠᠲ ᠲᠠᠢ ᠲᠡᠩᠴᠡᠭᠦᠦ᠃ 15 ᠢᠰᠷᠧᠯ ᠤᠨ ᠤᠰᠤ ᠲᠠᠢ ᠭᠠᠵᠠᠷ ᠤᠳ ᠤᠨ ᠬᠣᠶᠠᠷ ᠵᠠᠭᠤᠨ ᠬᠣᠨᠢ ᠲᠠᠢ ᠰᠦᠷᠦᠭ ᠪᠣᠯᠭᠠᠨ ᠠᠴᠠ ᠨᠢᠭᠡ ᠬᠣᠨᠢ ᠶᠢ ᠢᠳᠡᠭᠡᠨ ᠲᠠᠬᠢᠯ᠂ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠳᠤ ᠠᠪᠴᠤ᠂ ᠠᠷᠠᠳ ᠲᠦᠮᠡᠨ ᠦ ᠡᠮᠦᠨ᠎ᠡ ᠡᠴᠡ ᠭᠡᠮ ᠦᠨ ᠬᠡᠯᠲᠦᠷᠢᠭᠦᠯᠦᠯᠭᠡ ᠶᠢ ᠬᠢᠭᠲᠦᠨ᠃》 ᠡᠵᠡᠨ ᠶᠣᠬᠣᠸᠠ ᠠᠢᠯᠠᠳᠴᠤ ᠪᠠᠢᠨ᠎ᠠ᠃ 16 《ᠡᠨᠡ ᠨᠤᠲᠤᠭ ᠤᠨ ᠠᠷᠠᠳ ᠲᠦᠮᠡᠨ ᠪᠦᠭᠦᠳᠡᠭᠡᠷ ᠢᠰᠷᠧᠯ ᠤᠨ ᠬᠠᠭᠠᠨ ᠳᠤ ᠡᠨᠡ ᠡᠷᠭᠦᠯ ᠢ ᠥᠭᠬᠦ ᠶᠣᠰᠣᠲᠠᠢ᠃ 17 ᠬᠠᠭᠠᠨ ᠤ ᠬᠤᠪᠢ ᠳᠤ᠂ ᠨᠠᠢᠷ ᠨᠠᠭᠠᠳᠤᠮ᠂ ᠰᠢᠨ᠎ᠡ ᠰᠠᠷ᠎ᠠ ᠶᠢᠨ ᠪᠠᠶᠠᠷ ᠪᠠ ᠠᠮᠠᠷᠠᠯ ᠤᠨ ᠡᠳᠦᠷ ᠵᠡᠷᠭᠡ ᠢᠰᠷᠧᠯ ᠤᠨ ᠭᠡᠷ ᠦᠨ ᠪᠦᠬᠦ ᠲᠣᠭᠲᠠᠭᠰᠠᠨ ᠪᠠᠶᠠᠷ ᠳᠡᠭᠡᠷ᠎ᠡ ᠰᠢᠲᠠᠭᠠᠯᠭᠠᠲᠤ ᠲᠠᠬᠢᠯ᠂ ᠢᠳᠡᠭᠡᠨ ᠡᠷᠭᠦᠯ᠂ ᠤᠮᠳᠠᠭᠠᠨ ᠲᠠᠬᠢᠯ ᠢ ᠬᠠᠩ᠋ᠭᠠᠬᠤ ᠡᠭᠦᠷᠭᠡ ᠲᠠᠢ᠃ ᠢᠰᠷᠧᠯ ᠤᠨ ᠭᠡᠷ ᠦᠨ ᠡᠮᠦᠨ᠎ᠡ ᠡᠴᠡ ᠭᠡᠮ ᠦᠨ ᠬᠡᠯᠲᠦᠷᠢᠭᠦᠯᠦᠯᠭᠡ ᠶᠢ ᠬᠢᠬᠦ ᠶᠢᠨ ᠲᠤᠯᠠᠳᠠ ᠨᠢᠭᠦᠯ ᠦᠨ ᠲᠥᠯᠥᠭᠡᠬᠢ ᠲᠠᠬᠢᠯ᠂ ᠢᠳᠡᠭᠡᠨ ᠲᠠᠬᠢᠯ᠂ ᠰᠢᠲᠠᠭᠠᠯᠭᠠᠲᠤ ᠲᠠᠬᠢᠯ ᠪᠠ ᠡᠪ ᠦᠨ ᠲᠠᠬᠢᠯ ᠢ ᠲᠡᠷᠡ ᠪᠡᠯᠡᠳᠬᠡᠬᠦ ᠪᠣᠯᠣᠨ᠎ᠠ᠃》

18 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠨᠢᠭᠡᠳᠦᠭᠡᠷ ᠰᠠᠷ᠎ᠠ ᠶᠢᠨ ᠨᠢᠭᠡᠨ ᠳᠦ ᠲᠠ ᠨᠠᠷ ᠨᠢᠭᠡ ᠰᠣᠭᠣᠭ ᠦᠭᠡᠢ ᠵᠠᠯᠠᠭᠤ ᠪᠤᠬ᠎ᠠ ᠠᠪᠴᠤ᠂ ᠠᠷᠢᠭᠤᠨ ᠭᠠᠵᠠᠷ ᠢ ᠴᠡᠪᠡᠷᠰᠢᠭᠦᠯᠬᠦ ᠶᠣᠰᠣᠲᠠᠢ᠃ 19 ᠲᠠᠬᠢᠯᠴᠢ ᠲᠡᠷᠡ ᠨᠢᠭᠦᠯ ᠦᠨ ᠲᠥᠯᠥᠭᠡᠬᠢ ᠲᠠᠬᠢᠯ ᠠᠴᠠ ᠴᠢᠰᠤ ᠶᠢ ᠠᠪᠴᠤ᠂ ᠥᠷᠭᠥᠭᠡᠨ ᠦ ᠬᠠᠭᠠᠯᠭᠠᠨ ᠤ ᠬᠠᠲᠠᠪᠴᠢ᠂ ᠲᠠᠬᠢᠯ ᠤᠨ ᠰᠢᠷᠡᠭᠡᠨ ᠦ ᠳᠡᠭᠡᠳᠦ ᠳᠠᠪᠬᠤᠷ ᠤᠨ ᠳᠥᠷᠪᠡᠨ ᠥᠨᠴᠥᠭ ᠪᠠ ᠳᠣᠲᠣᠭᠠᠳᠤ ᠬᠦᠷᠢᠶᠡᠨ ᠦ ᠬᠠᠭᠠᠯᠭᠠᠨ ᠤ ᠬᠠᠲᠠᠪᠴᠢ ᠳᠤ ᠲᠦᠷᠬᠢᠬᠦ ᠶᠣᠰᠣᠲᠠᠢ᠃ 20 ᠲᠡᠷᠡ ᠰᠠᠷ᠎ᠠ ᠶᠢᠨ ᠳᠣᠯᠣᠭᠠᠨ ᠳᠤ ᠴᠤ ᠰᠠᠨᠠᠭᠠᠨ ᠳᠤ ᠦᠭᠡᠢ ᠪᠤᠶᠤ ᠮᠡᠳᠡᠬᠦ ᠦᠭᠡᠢ ᠪᠠᠷ ᠨᠢᠭᠦᠯ ᠦᠢᠯᠡᠳᠦᠭᠰᠡᠨ ᠬᠥᠮᠦᠨ ᠦ ᠲᠥᠯᠥᠭᠡ ᠲᠠ ᠨᠠᠷ ᠡᠢᠨ ᠬᠦ ᠦᠢᠯᠡᠳᠦᠨ᠂ ᠥᠷᠭᠥᠭᠡᠨ ᠦ ᠲᠥᠯᠥᠭᠡ ᠭᠡᠮ ᠦᠨ ᠬᠡᠯᠲᠦᠷᠢᠭᠦᠯᠦᠯᠭᠡ ᠶᠢ ᠬᠢᠬᠦ ᠪᠣᠯᠣᠨ᠎ᠠ᠃

21 ᠨᠢᠭᠡᠳᠦᠭᠡᠷ ᠰᠠᠷ᠎ᠠ ᠶᠢᠨ ᠠᠷᠪᠠᠨ ᠳᠥᠷᠪᠡᠨ ᠦ ᠡᠳᠦᠷ ᠡᠴᠡ ᠳᠣᠯᠣᠭᠠᠨ ᠡᠳᠦᠷ ᠦᠨ ᠲᠤᠷᠰᠢ ᠭᠡᠲᠦᠯᠭᠡᠭᠰᠡᠨ ᠦ ᠪᠠᠶᠠᠷ ᠢ ᠲᠡᠮᠳᠡᠭᠯᠡᠵᠦ᠂ ᠢᠰᠭᠡᠭᠡ ᠦᠭᠡᠢ ᠪᠣᠣᠪᠣ ᠢᠳᠡᠬᠦ ᠤᠴᠢᠷᠲᠠᠢ᠃ 22 ᠲᠡᠷᠡ ᠡᠳᠦᠷ ᠬᠠᠭᠠᠨ ᠥᠪᠡᠷ ᠦᠨ ᠢᠶᠠᠨ ᠲᠥᠯᠥᠭᠡ ᠪᠣᠯᠣᠨ ᠨᠤᠲᠤᠭ ᠤᠨ ᠬᠠᠮᠤᠭ ᠠᠷᠠᠳ ᠲᠦᠮᠡᠨ ᠦ ᠲᠥᠯᠥᠭᠡ ᠨᠢᠭᠦᠯ ᠦᠨ ᠲᠥᠯᠥᠭᠡᠬᠢ ᠲᠠᠬᠢᠯ ᠪᠣᠯᠬᠤ ᠨᠢᠭᠡ ᠪᠤᠬ᠎ᠠ ᠶᠢ ᠪᠡᠯᠡᠳᠬᠡᠨ᠎ᠡ᠃ 23 ᠲᠡᠷᠡ ᠪᠠᠰᠠ ᠪᠠᠶᠠᠷ ᠤᠨ ᠳᠣᠯᠣᠭᠠᠨ ᠬᠣᠨᠣᠭ ᠤᠨ ᠲᠤᠷᠰᠢ ᠡᠳᠦᠷ ᠪᠦᠷᠢ ᠶᠣᠬᠣᠸᠠ ᠳᠤ ᠰᠢᠲᠠᠭᠠᠯᠭᠠᠲᠤ ᠲᠠᠬᠢᠯ ᠳᠤ ᠰᠣᠭᠣᠭ ᠦᠭᠡᠢ ᠳᠣᠯᠣᠭᠠᠨ ᠪᠤᠬ᠎ᠠ᠂ ᠳᠣᠯᠣᠭᠠᠨ ᠬᠤᠴᠠ ᠶᠢ᠂ ᠮᠥᠨ ᠨᠢᠭᠦᠯ ᠦᠨ ᠲᠥᠯᠥᠭᠡᠬᠢ ᠲᠠᠬᠢᠯ ᠳᠤ ᠨᠢᠭᠡ ᠤᠬᠤᠨ᠎ᠠ ᠶᠢ ᠪᠡᠯᠡᠳᠬᠡᠵᠦ᠂ 24 ᠢᠳᠡᠭᠡᠨ ᠡᠷᠭᠦᠯ ᠳᠦ᠂ ᠨᠢᠭᠡ ᠪᠤᠬ᠎ᠠ ᠲᠠᠢ ᠬᠠᠮᠲᠤ ᠨᠢᠭᠡ ᠡᠹᠠ ᠭᠤᠯᠢᠷ ᠢ᠂ ᠨᠢᠭᠡ ᠬᠤᠴᠠ ᠲᠠᠢ ᠬᠠᠮᠲᠤ ᠨᠢᠭᠡ ᠡᠹᠠ ᠭᠤᠯᠢᠷ ᠢ᠂ ᠮᠥᠨ ᠨᠢᠭᠡ ᠡᠹᠠ ᠭᠤᠯᠢᠷ ᠲᠠᠢ ᠬᠠᠮᠲᠤ ᠨᠢᠭᠡ ᠾᠢᠨ 24 ᠲᠣᠰᠣ ᠶᠢ ᠪᠡᠯᠡᠳᠬᠡᠬᠦ ᠶᠣᠰᠣᠲᠠᠢ᠃ 25 ᠳᠣᠯᠣᠳᠤᠭᠠᠷ ᠰᠠᠷ᠎ᠠ ᠶᠢᠨ ᠠᠷᠪᠠᠨ ᠲᠠᠪᠤᠨ ᠤ ᠡᠳᠦᠷ ᠡᠴᠡ ᠡᠬᠢᠯᠡᠬᠦ ᠳᠣᠯᠣᠭᠠᠨ ᠬᠣᠨᠣᠭ ᠤᠨ ᠪᠠᠶᠠᠷ ᠢᠶᠠᠷ ᠴᠤ ᠶᠠᠭ ᠲᠡᠢᠨ ᠬᠦ ᠨᠢᠭᠦᠯ ᠦᠨ ᠲᠥᠯᠥᠭᠡᠬᠢ ᠲᠠᠬᠢᠯ᠂ ᠰᠢᠲᠠᠭᠠᠯᠭᠠᠲᠤ ᠲᠠᠬᠢᠯ᠂ ᠢᠳᠡᠭᠡᠨ ᠡᠷᠭᠦᠯ ᠪᠠ ᠲᠣᠰᠣ ᠶᠢ ᠪᠡᠯᠡᠳᠬᠡᠬᠦ ᠶᠣᠰᠣᠲᠠᠢ᠃》